ᠲᠤᠯᠠᠭᠠᠯᠠᠭ᠎ᠠ ᠶᠢᠨ ᠠᠰᠠᠭᠤᠳᠠᠯ ᠤᠨ ᠲᠤᠬᠠᠢ ᠠᠰᠠᠭᠤᠨ ᠯᠠᠪᠯᠠᠬᠤ ᠪᠠ ᠲᠤᠰᠬᠠᠨ ᠮᠡᠳᠡᠬᠦᠯᠬᠦ ᠠᠷᠭ᠎ᠠ ᠵᠠᠮ ᠢ | ᠰᠠᠭᠠᠳ ᠥᠬᠡᠶ ᠨᠡᠪᠲᠡᠷᠡᠭᠦᠯᠵᠦ᠂ ᠲᠤᠯᠠᠭᠠᠯᠠᠭ᠎ᠠ ᠶᠢᠨ ᠠᠰᠠᠭᠤᠳᠠᠯ ᠢ ᠴᠠᠭ ᠲᠤᠬᠠᠶ ᠳᠤᠨᠢ ᠪᠦᠲᠦᠮᠵᠢᠲᠡᠶ | ᠰᠢᠢᠳᠪᠦᠷᠢᠯᠡᠨ᠂ ᠣᠯᠠᠨ ᠲᠦᠮᠡᠨ ᠢ ᠬᠠᠯᠠᠭᠤᠨ ᠳᠤᠯᠠᠭᠠᠨ ᠡᠪᠦᠯᠵᠢᠬᠦᠯᠬᠦ ᠶᠢᠨ ᠬᠠᠮᠲᠤ᠂ ᠢᠯᠴᠢ ᠬᠠᠩᠭᠠᠬᠤ | ᠨᠢᠭᠡᠴᠡ ᠶᠢᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ᠬᠤᠲᠠ ᠪᠠᠯᠭᠠᠰᠤᠨ ᠤ ᠢᠯᠴᠢ ᠬᠠᠩᠭᠠᠬᠤ ᠠᠵᠢᠯ ᠤᠨ | ᠠᠮᠤᠷ ᠲᠣᠭᠲᠠᠭᠤᠨ ᠢᠶᠠᠷ ᠶᠠᠪᠤᠭᠳᠠᠬᠤ ᠶᠢ ᠪᠠᠲᠤᠯᠠᠬᠤ ᠶᠢᠨ ᠲᠥᠯᠥᠭᠡ᠂ ᠮᠠᠨ ᠤ ᠬᠤᠰᠢᠭᠤ ᠨᠢ 24 ᠴᠠᠭ ᠤᠨ | ᠬᠢᠨᠠᠯᠲᠠ ᠲᠠᠯᠪᠢᠵᠤ ᠲᠤᠰᠬᠠᠨ ᠮᠡᠳᠡᠬᠦᠯᠬᠦ ᠤᠲᠠᠰᠤ ᠪᠠ ᠦᠢᠯᠡᠴᠢᠯᠡᠭᠡᠨ ᠤ ᠤᠲᠠᠰᠤ ᠶᠢ ᠲᠤᠬᠢᠷᠠᠭᠤᠯᠵᠠᠢ᠃ ᠥᠷᠭᠡᠨ | ᠣᠯᠠᠨ ᠰᠠᠭᠤᠭᠠᠯᠢ ᠠᠷᠠᠳ ᠲᠤᠯᠠᠭᠠᠯᠠᠭ᠎ᠠ ᠶᠢᠨ ᠠᠰᠠᠭᠤᠳᠠᠯ ᠲᠤᠯᠭᠠᠷᠠᠪᠠᠯ ᠴᠠᠭ ᠲᠤᠬᠠᠶ ᠳᠤᠨᠢ ᠤᠳᠠᠰᠤᠳᠠᠭᠠᠷᠠᠢ᠂ | ᠠᠵᠢᠯᠲᠠᠳ 24 ᠴᠠᠭ ᠤᠨ ᠳᠣᠲᠣᠷ᠎ᠠ ᠬᠠᠷᠢᠭᠤᠯᠳᠠ ᠦᠭᠬᠦ ᠪᠤᠶᠤ ᠬᠡᠷ ᠲᠤᠨᠢ ᠬᠦᠷᠴᠦ ᠰᠡᠯᠪᠢᠨ ᠵᠠᠰᠠᠬᠤ | ᠦᠢᠯᠡᠴᠢᠯᠡᠭᠡ ᠬᠠᠩᠭᠠᠵᠤ᠂ ᠠᠰᠠᠭᠤᠳᠠᠯ ᠢ ᠰᠢᠢᠳᠪᠦᠷᠢᠯᠡᠬᠦ ᠪᠤᠯᠤᠨ᠎ᠠ᠃ | ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶᠠᠨ ᠤ ᠢᠯᠴᠢ | ᠬᠠᠩᠭᠠᠬᠤ ᠠᠯᠪᠠᠨ ᠭᠡᠷ᠄ 0479 - 2265511 | ᠵᠦᠩ ᠰᠦ ᠢᠯᠴᠢ ᠬᠠᠩᠭᠠᠬᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ 13847905107 ︵ᠠᠵᠢᠯᠳᠠᠨ | ᠭᠦᠸᠧ ᠱᠦᠨ 19204791170︶ | ᠰᠢᠨ ᠭᠠᠩ ᠰᠢᠨᠵᠢᠯᠡᠭᠡ ᠮᠡᠷᠭᠡᠵᠢᠯ ᠤᠨ ᠬᠢᠵᠠᠭᠠᠷᠲᠤ ᠺᠣᠮᠫᠠᠨᠢ 15048973667 ︵ᠠᠵᠢᠯᠳᠠᠨ ᠸᠧᠨ | ᠵᠢᠶᠠᠨ ᠫᠢᠩ15047986010︶ | ᠱᠧᠨ ᠨᠧᠩ ᠤᠮᠠᠷᠠᠲᠤ ᠶᠢᠨ ᠡᠨᠧᠷᠭᠢ ᠶᠢᠨ ᠨᠡᠭᠡᠭᠡᠯᠲᠡ ᠶᠢᠨ ᠬᠢᠵᠠᠭᠠᠷᠲᠤ ᠺᠣᠮᠫᠠᠨᠢ 18047991313 ︵ | ᠠᠵᠢᠯᠳᠠᠨ ᠾᠧ ᠢᠦᠶ ᠴᠢᠩ 13514790976︶ | ᠢᠯᠴᠢ ᠬᠠᠩᠭᠠᠬᠤ ᠠᠴᠠ ᠡᠮᠦᠨ᠎ᠡ ᠠᠩᠬᠠᠷᠬᠤ ᠵᠦᠢᠯ᠄ | 1. ᠬᠡᠷᠡᠭᠯᠡᠭᠴᠢᠳ ᠬᠢᠨᠠᠯᠲᠠ ᠲᠠᠯᠪᠢᠬᠤ ᠤᠲᠠᠰᠤ ᠪᠠ ᠦᠢᠯᠡᠴᠢᠯᠡᠭᠡᠨ ᠤ ᠤᠲᠠᠰᠤ ᠶᠢ ᠮᠡᠳᠡᠵᠦ᠂ ᠠᠰᠠᠭᠤᠳᠠᠯ | ᠲᠤᠯᠭᠠᠷᠠᠪᠠᠯ ᠰᠢᠭᠤᠳ ᠤᠲᠠᠰᠤᠳᠠᠨ᠎ᠠ᠃ | 2 .ᠢᠯᠴᠢ ᠬᠠᠩᠭᠠᠬᠤ ᠠᠴᠠ ᠡᠮᠦᠨ᠎ᠡ᠂ ᠬᠡᠷᠡᠭᠯᠡᠭᠴᠢᠳ ᠥᠪᠡᠷ ᠤᠨ ᠳᠤᠯᠠᠭᠠᠯᠠᠭ᠎ᠠ ᠶᠢᠨ ᠲᠥᠬᠦᠭᠡᠷᠦᠮᠵᠢ ᠪᠠᠨ | ᠪᠥᠬᠦ ᠲᠠᠯ᠎ᠠ ᠪᠠᠷ ᠪᠠᠶᠢᠴᠠᠭᠠᠨ ᠦᠵᠡᠵᠦ᠂ ᠤᠰᠤ ᠭᠤᠭᠤᠵᠢᠬᠤ ᠦᠵᠡᠭᠳᠡᠯ ᠭᠠᠷᠪᠠᠯ ᠴᠠᠭ ᠲᠤᠬᠠᠶ ᠳᠤᠨᠢ ᠨᠡᠭᠡᠯᠡᠬᠡᠢ ᠶᠢ | ᠬᠠᠭᠠᠬᠤ ᠶᠢᠨ ᠬᠠᠮᠲᠤ ᠲᠤᠰᠬᠠᠶ ᠠᠵᠢᠯᠲᠠᠨ ᠢ ᠡᠷᠢᠵᠦ ᠰᠡᠯᠪᠢᠨ ᠵᠠᠰᠠᠭᠤᠯᠬᠤ ᠭᠡᠷᠡᠭᠳᠡᠢ᠃ ᠬᠠᠮᠳᠤ ᠶᠢᠨ | ᠲᠦᠬᠦᠭᠡᠷᠦᠮᠵᠢ ᠳᠤ ᠠᠰᠠᠭᠤᠳᠠᠯ ᠭᠠᠷᠤᠭᠰᠠᠨ ᠪᠤᠯ ᠴᠠᠭ ᠲᠤᠬᠠᠶ ᠳᠤᠨᠢ ᠰᠠᠭᠤᠭᠠᠯᠢ ᠲᠤᠭᠤᠷᠢᠭ ᠤᠨ ᠢᠶᠠᠨ ᠠᠳᠠᠯ | ᠠᠬᠤᠶ ᠶᠢᠨ ᠦᠢᠯᠡᠴᠢᠯᠡᠭᠡᠨ ᠤ ᠭᠠᠵᠠᠷ ᠪᠤᠶᠤ ᠢᠯᠴᠢ ᠬᠠᠩᠭᠠᠬᠤ ᠺᠣᠮᠫᠠᠨᠢ ᠳᠤ ᠮᠡᠳᠡᠭᠳᠡᠵᠦ ᠰᠡᠯᠪᠢᠨ ᠵᠠᠰᠠᠭᠤᠯᠬᠤ | ᠬᠡᠷᠡᠭᠲᠡᠶ᠃ | 3. ᠬᠡᠷ ᠤᠨ ᠳᠤᠯᠠᠭᠠᠨ ᠤ ᠬᠡᠮᠵᠢᠶ᠎ᠡ ᠪᠠᠷᠢᠮᠵᠢᠶ᠎ᠠ ᠳᠤ ᠬᠦᠷᠬᠦ ᠦᠭᠡᠢ ᠪᠣᠯ ᠢᠯᠴᠢ ᠬᠠᠩᠭᠠᠬᠤ ᠺᠣᠮᠫᠠᠨᠢ ᠳᠤ ᠴᠠᠭ | ᠲᠤᠬᠠᠢ ᠳᠤ ᠨᠢ ᠮᠡᠳᠡᠭᠳᠡᠵᠦ ᠳᠤᠯᠠᠭᠠᠨ ᠢ ᠬᠡᠮᠵᠢᠬᠦᠯᠦᠨ ᠰᠢᠯᠲᠠᠭᠠᠨ ᠢ ᠨᠢ ᠡᠷᠢᠬᠦ ᠶᠢᠨ ᠬᠠᠮᠲᠤ ᠰᠡᠯᠪᠢᠨ ᠵᠠᠰᠠᠭᠤᠯᠤᠨ᠎ᠠ | | 4. ᠬᠡᠷ ᠲᠡᠭᠡᠨ ᠬᠥᠮᠦᠨ ᠥᠬᠡᠶ ᠦᠶ᠎ᠡ ᠳᠤ ᠬᠠᠷᠢᠯᠴᠠᠬᠤ ᠠᠷᠭ᠎ᠠ ᠪᠠᠨ ᠬᠥᠷᠰᠢ ᠵᠡᠷᠭᠡᠯᠡᠳᠡᠭᠡ ᠪᠤᠶᠤ ᠢᠯᠴᠢ | ᠬᠠᠩᠭᠠᠬᠤ ᠺᠣᠮᠫᠠᠨᠢ ᠳᠤ ᠮᠡᠳᠡᠭᠳᠡᠵᠦ᠂ ᠪᠠᠴᠢᠮ ᠪᠠᠶᠢᠳᠠᠯ ᠭᠠᠷᠪᠠᠯ ᠲᠠᠷᠤᠢ ᠲᠦᠷᠭᠡᠨ ᠬᠠᠷᠢᠯᠴᠠᠵᠤ ᠰᠢᠢᠳᠪᠦᠷᠢᠯᠡᠬᠦ ᠳᠤ | ᠲᠥᠬᠦᠮ ᠦᠵᠡᠬᠦᠯᠬᠦ ᠭᠡᠷᠡᠭᠳᠡᠢ᠃ | 5. ᠠᠵᠤ ᠠᠬᠤᠶᠢᠯᠠᠯ ᠤᠨ ᠤᠰᠤ ᠣᠷᠣᠭᠤᠯᠬᠤ ᠮᠡᠳᠡᠭᠳᠡᠯ ᠢ ᠠᠩᠬᠠᠷᠤᠨ ᠦᠵᠡᠵᠦ᠂ ᠤᠰᠤ ᠤᠷᠤᠭᠤᠯᠬᠤ | ᠬᠤᠭᠤᠴᠠᠭᠠᠨ ᠳᠤ ᠭᠡᠷ ᠲᠡᠭᠡᠨ ᠬᠥᠮᠦᠨ ᠲᠠᠢ ᠪᠠᠶᠢᠬᠤ ᠶᠢ ᠪᠠᠳᠤᠯᠠᠨ᠂ ᠬᠡᠷᠪᠡ ᠤᠰᠤ ᠭᠤᠭᠤᠵᠢᠬᠤ ᠦᠵᠡᠭᠳᠡᠯ | ᠭᠠᠷᠪᠠᠯ ᠨᠡᠭᠡᠯᠡᠬᠡᠶ ᠶᠢ ᠲᠠᠷᠤᠶᠢᠬᠠᠨ ᠬᠠᠭᠠᠵᠤ᠂ ᠪᠠᠴᠢᠮ ᠪᠠᠶᠢᠳᠠᠯ ᠲᠠᠢ ᠪᠤᠯ ᠢᠯᠴᠢ ᠬᠠᠩᠭᠠᠬᠤ ᠠᠵᠤ | ᠠᠬᠤᠶᠢᠯᠠᠯ ᠲᠠᠢ ᠬᠠᠷᠢᠯᠴᠠᠵᠤ ᠪᠣᠯᠤᠨ᠎ᠠ᠃ | | ᠲᠠᠶᠢᠹᠤᠰᠧ ᠬᠤᠰᠢᠭᠤᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ | ᠪᠦᠲᠦᠭᠡᠨ ᠪᠠᠶᠢᠭᠤᠯᠤᠯᠳᠠ ᠶᠢᠨ ᠲᠣᠪᠴᠢᠶ᠎ᠠ | 2024 ᠤᠨ ᠤ 9 ᠰᠠᠷ᠎ᠠ ᠶᠢᠨ 20 ᠤ ᠡᠳᠦᠷ |