ᠵᠢᠷᠤᠬᠡᠨ ᠡᠪᠡᠳᠴᠢᠨ ᠬᠥᠳᠡᠯᠭᠦ 8 ᠠᠶᠤᠮᠰᠢᠭᠳᠤ ᠴᠠᠭ
ᠨᠡᠶᠢᠲᠡᠯᠡᠭᠰᠡᠨ ᠴᠠᠭ᠄
2024/9/18
   ᠠᠮᠧᠷᠢᠺᠠ ᠶᠢᠨ ︽ᠰᠡᠷᠬᠡᠶᠢᠯᠡᠯᠳᠡ︾ ᠰᠡᠳᠬᠦᠯ ᠳᠤ ᠲᠡᠮᠳᠡᠭᠯᠡᠭᠰᠡᠨ ᠢᠶᠠᠷ᠂ ᠮᠠᠢ ᠠ ᠮᠢ ᠶᠡᠭᠡ ᠰᠤᠷᠭᠠᠭᠤᠯᠢ ᠶᠢᠨ ᠵᠢᠷᠤᠬᠡᠨ ᠡᠪᠡᠳᠴᠢᠨ ᠤ ᠰᠤᠳᠤᠯᠤᠯ ᠤᠨ ᠠᠰᠧ · ᠠᠵᠠᠶᠠᠼᠢᠳᠤᠨ ᠫᠷᠤᠹᠧᠰᠰᠤᠷ ᠤᠨ ᠳ᠋ᠦᠡᠭᠨᠡᠨ ᠭᠠᠷᠭᠠᠭᠰᠠᠨ ︽ᠵᠢᠷᠤᠬᠡᠨ ᠡᠪᠡᠳᠴᠢᠨ ᠬᠥᠳᠡᠯᠬᠦ 8 ᠶᠡᠭᠡ ᠠᠶᠤᠮᠰᠢᠭᠳᠤ ᠴᠠᠭ︾᠎ ᠨᠢ ᠲᠤᠰᠪᠤᠷᠢ ᠲᠤᠤᠷᠠᠬᠢ ᠮᠠᠳᠣ᠄      ︵1︶ ᠲᠡᠷᠬᠡ ᠰᠢᠬᠠᠯᠳᠤᠬᠤ ᠪᠤᠶᠤ ᠲᠡᠷᠬᠡ ᠳᠦᠭᠵᠢᠷᠡᠬᠦ ᠥᠶ᠎ᠡ᠃ ᠰᠤᠳᠤᠯᠤᠯᠳᠠ ᠠᠴᠠ ᠤᠢᠢᠯᠠᠭᠠᠭᠰᠠᠨ ᠢᠶᠠᠷ᠂ ᠵᠠᠮ ᠨᠡᠪᠳᠡᠷᠡᠯᠬᠡ ᠰᠢᠬᠠᠯᠳᠤᠬᠤ ᠪᠤᠶᠤ ᠲᠡᠷᠬᠡ ᠳᠦᠭᠵᠢᠷᠡᠬᠦ ᠠᠴᠠ ᠪᠤᠯᠵᠤ ᠵᠢᠷᠤᠬᠡᠨ ᠡᠪᠡᠳᠴᠢᠨ ᠬᠥᠳᠡᠯᠬᠦ ᠠᠶᠤᠯ 3 ᠲᠠᠬᠢᠨ ᠨᠡᠮᠡᠭᠳᠡᠨ᠎ᠡ ᠬᠡᠵᠡᠢ᠃     ︵2︶ ᠴᠠᠭ ᠢ ᠵᠠᠪᠳᠤᠬᠤ ᠬᠡᠵᠤ ᠪᠠᠴᠢᠮᠳᠠᠬᠤ ᠥᠶ᠎ᠡ᠃ ᠵᠢᠷᠤᠬᠡ ᠴᠢᠰᠤᠨ ᠰᠤᠳᠠᠯ ᠤᠨ ᠡᠪᠡᠳᠴᠢᠨ ᠥᠬᠡᠢ ᠬᠥᠮᠤᠨ ᠴᠤ ᠬᠡᠤᠨ ᠪᠠᠴᠢᠮ ᠲᠤᠯᠭᠠᠮ᠎ᠠ ᠪᠠᠶᠢᠳᠠᠯ ᠲᠤᠤᠷ᠎ᠠ᠂ ᠴᠢᠰᠤᠨ ᠰᠤᠳᠠᠯ ᠲᠠᠳᠠᠯᠳᠤᠨ ᠠᠪᠴᠢᠬᠤ ᠪᠠᠶᠢᠳᠠᠯ ᠭᠠᠷᠬᠤ ᠮᠠᠭᠠᠤᠨ᠂ ᠢᠡᠭᠭᠢᠵᠤ ᠵᠢᠷᠤᠬᠡᠨ ᠤ ᠲᠠᠷᠤᠭᠠᠰᠤ ᠶᠢ ᠬᠥᠨᠳᠤᠷᠡᠬᠦᠯᠵᠤ᠂  ᠵᠢᠷᠤᠬᠡᠨ ᠡᠪᠡᠳᠴᠢᠨ ᠤ ᠬᠥᠳᠡᠯᠬᠦ ᠠᠶᠤᠯ ᠢ ᠨᠡᠮᠡᠭᠳᠡᠬᠦᠯᠳᠡᠭ ᠶᠤᠮ᠃    ︵3︶ ᠢᠳᠡᠵᠤ ᠴᠠᠳᠤᠭᠰᠠᠨ ᠤ ᠳᠠᠷᠠᠭ᠎ᠠ᠃ ᠲᠤᠰᠤ ᠮᠢᠬ᠎ᠠ ᠶᠢ ᠶᠡᠬᠡᠪᠡᠷ ᠢᠳᠡᠵᠤ ᠴᠠᠳᠤᠭᠰᠠᠨ ᠤ ᠲᠠᠷᠠᠭ᠎ᠠ᠂ ᠵᠢᠷᠤᠬᠡᠨ ᠤ ᠡᠷᠡᠬᠦᠯ ᠮᠡᠨᠳᠤ ᠲᠠᠷᠤᠢ ᠳᠤᠨᠢ ᠨᠥᠯᠤᠬᠡᠯᠡᠭᠳᠡᠨ᠎ᠡ᠃ ᠮᠠᠰᠢ ᠤᠯᠠᠨ ᠰᠤᠳᠤᠯᠤᠯ ᠤᠨ ᠢᠯᠡᠷᠡᠬᠦᠯᠦᠭᠰᠡᠨ ᠢᠶᠠᠷ᠂ ᠲᠤᠰᠤᠯᠢᠭ ᠪᠠ ᠥᠨᠳᠤᠷ ᠬᠠᠯᠠᠭᠤᠨ ᠲᠠᠢ ᠢᠳᠡᠰᠢ ᠴᠢᠰᠤᠨ ᠰᠤᠳᠠᠯ ᠢ ᠠᠪᠴᠢᠭᠤᠯᠤᠨ᠂ ᠴᠢᠰᠤᠨ ᠤ ᠪᠥᠭᠯᠡᠷᠡᠨ ᠠᠶᠤᠯ ᠢ ᠶᠡᠬᠡᠪᠡᠷ ᠨᠡᠮᠡᠭᠳᠡᠬᠦᠯᠳᠡᠭ᠃    ︵4︶ ᠬᠤᠷᠭᠤᠰᠤᠯᠠᠬᠤ ᠥᠶᠡᠰ᠃ ᠭᠠᠳᠠᠭᠠᠯᠠᠬᠤ ᠳᠠᠭᠠᠨ ᠬᠡᠳᠤᠷᠬᠡᠢ ᠬᠥᠴᠤᠯᠡᠪᠡᠯ ᠴᠡᠬᠡᠵᠢᠨ ᠤ ᠬᠥᠨᠳᠡᠢ ᠶᠢᠨ ᠲᠠᠷᠤᠯᠳᠠ ᠶᠢ ᠨᠡᠮᠡᠭᠳᠡᠬᠦᠯᠤᠨ᠂ ᠵᠢᠷᠤᠬᠡᠨ ᠤ ᠡᠷᠬᠢᠯᠳᠡ ᠶᠢᠨ ᠴᠢᠰᠤᠨ ᠤ ᠬᠡᠮᠵᠢᠶ᠎ᠡ ᠲᠡᠩᠴᠤ ᠲᠤᠷᠤᠭᠰᠢᠯᠠᠵᠤ᠂ ᠵᠢᠷᠤᠬᠡᠨ ᠡᠪᠡᠳᠴᠢᠨ ᠢ ᠬᠥᠳᠡᠯᠬᠡᠬᠦ ᠠᠶᠤᠯᠳᠠᠢ᠃     ︵5︶ ᠨᠦᠢᠷ ᠬᠤᠯᠵᠢᠭᠰᠠᠨ ᠤ ᠲᠠᠷᠠᠭ᠎ᠠ᠃ ᠨᠢᠬᠡᠨ 11 ᠵᠢᠯ ᠤᠨ ᠬᠤᠭᠤᠴᠠᠭ᠎ᠠ ᠲᠠᠢ ᠪᠠᠷ ᠲᠠᠭᠠᠵᠤ ᠪᠠᠶᠢᠴᠠᠭᠠᠯᠳᠠ ᠬᠢᠭᠰᠡᠨ ᠶᠠᠪᠤᠴᠠ ᠳᠤ᠂ ᠤᠨᠳᠠᠬᠤ ᠠᠰᠠᠭᠤᠳᠠᠯ ᠥᠬᠡᠢ ᠬᠥᠮᠤᠰ ᠲᠠᠢ ᠠᠳᠠᠯᠢᠳᠬᠠᠪᠠᠯ᠂ ᠡᠳᠤᠷ ᠪᠥᠷᠢ ᠰᠠᠶᠢᠨ ᠤᠨᠳᠠᠵᠤ ᠲᠡᠶᠢᠯᠬᠦ ᠥᠬᠡᠢ ᠬᠥᠮᠤᠰ ᠤᠨ ᠵᠢᠷᠤᠬᠡᠨ ᠡᠪᠡᠳᠴᠢᠨ ᠤᠯᠬᠤ ᠠᠶᠤᠯ ᠨᠢ 45%᠎ ᠪᠠᠷ ᠨᠡᠮᠡᠭᠳᠡᠵᠤ᠂ ᠤᠨᠳᠠᠬᠤ ᠳᠤ ᠬᠥᠴᠢᠷᠳᠡᠢ ᠬᠥᠮᠤᠰ ᠤᠨ ᠵᠢᠷᠤᠬᠡᠨ ᠡᠪᠡᠳᠴᠢᠨ ᠤᠯᠬᠤ ᠠᠶᠤᠯ ᠨᠢ 30%᠎ ᠪᠠᠷ ᠨᠡᠮᠡᠭᠳᠡᠬᠦ ᠪᠠ ᠤᠨᠳᠠᠵᠤ ᠰᠡᠷᠢᠭᠰᠡᠨ ᠤ ᠰᠡᠬᠦᠯᠡᠷ ᠰᠠᠶᠢᠨ ᠠᠮᠠᠷᠠᠵᠤ ᠲᠡᠶᠢᠯᠦᠭᠰᠡᠨ ᠥᠬᠡᠢ ᠰᠢᠭ ᠰᠡᠷᠡᠭᠳᠡᠯ ᠭᠠᠷᠬᠤ ᠬᠥᠮᠤᠰ ᠤᠨ ᠵᠢᠷᠤᠬᠡᠡ ᠡᠪᠡᠳᠴᠢᠨ ᠤᠯᠬᠤ ᠠᠶᠤᠯ ᠨᠢ 27%᠎ ᠪᠠᠷ ᠨᠡᠮᠡᠭᠳᠡᠬᠦ ᠪᠤᠯᠤᠨ᠎ᠠ᠃     ︵6︶ ᠬᠡᠳᠤᠷᠡᠳᠡᠯ᠎ᠠ ᠤᠵᠢᠳᠯᠠᠬᠤ᠃ ᠵᠤᠬᠢᠮᠵᠢᠳᠠᠢ ᠪᠠᠶᠠᠷ ᠪᠠᠶᠠᠰᠤᠩᠭᠤᠢ ᠬᠤᠷᠢᠴᠠᠯ ᠤᠨ ᠠᠮᠢᠳᠤᠷᠠᠯ ᠨᠢ ᠬᠥᠮᠤᠰ ᠤᠨ ᠰᠡᠳᠬᠢᠯ ᠰᠠᠨᠠᠭ᠎ᠠ ᠶᠢ ᠲᠡᠨᠢᠬᠦᠨ ᠲᠠᠯᠪᠢᠭᠤᠨ ᠪᠤᠯᠭᠠᠳᠠᠭ᠂ ᠬᠡᠪᠡᠴᠤ ᠬᠡᠪᠴᠢᠶᠡᠨ ᠠᠴᠠ ᠪᠠᠨ ᠬᠡᠳᠤᠷᠡᠭᠰᠡᠨ ᠬᠤᠷᠢᠴᠠᠯ ᠨᠢ ᠬᠥᠮᠤᠰ ᠤᠨ ᠵᠢᠷᠤᠬᠡᠨ ᠲᠠᠮᠢᠷ ᠢ ᠮᠠᠭᠤᠳᠠᠭᠤᠯᠳᠠᠭ᠃ ᠬᠡᠳᠤᠷᠡᠳᠡᠯ᠎ᠡ ᠪᠠᠶᠠᠷᠯᠠᠩᠭᠤᠢ ᠪᠤᠯᠬᠤ ᠥᠶ᠎ᠡ ᠳᠤ ᠵᠢᠷᠤᠬᠡᠨ ᠤ ᠴᠢᠰᠤᠨ ᠰᠤᠳᠠᠯ ᠨᠢ ᠬᠡᠨᠡᠳᠳᠡ ᠪᠠᠷ ᠠᠪᠴᠢᠵᠤ᠂ ᠵᠢᠷᠤᠬᠡᠨ ᠪᠤᠯᠴᠢᠩ ᠴᠢᠰᠤ ᠲᠤᠳᠠᠬᠤ ᠪᠤᠯᠵᠤ᠂ ᠵᠢᠷᠤᠬᠡᠨ ᠡᠪᠡᠳᠴᠢᠨ ᠢ ᠡᠬᠦᠰᠬᠡᠳᠡᠭ᠃      ︵7︶ ᠠᠭᠤᠷ ᠠᠮᠢᠰᠬᠤᠯ ᠮᠠᠰᠢ ᠲᠤᠤᠷ᠎ᠠ ᠪᠠᠶᠢᠬᠤ ᠥᠶ᠎ᠡ᠃ ᠡᠪᠤᠯ ᠤᠨ ᠤᠯᠠᠷᠢᠯ ᠪᠤᠯ ᠵᠢᠷᠤᠬᠡᠨ ᠡᠪᠡᠳᠴᠢᠨ ᠤᠯᠠᠨ ᠬᠥᠳᠡᠯᠬᠦ ᠴᠠᠭ ᠤᠯᠠᠷᠢᠯ ᠪᠤᠯᠤᠨ᠎ᠠ᠃    ︵8︶ ᠤᠯᠠᠨ ᠨᠡᠶᠢᠳᠡ ᠶᠢᠨ ᠡᠮᠤᠨ᠎ᠡ ᠶᠠᠷᠢᠶ᠎ᠠ ᠲᠠᠯᠪᠢᠬᠤ ᠥᠶ᠎ᠠ᠃ ᠨᠡᠶᠢᠳᠡ ᠤᠯᠠᠨ ᠤ ᠡᠮᠤᠨ᠎ᠡ ᠶᠠᠷᠢᠶ᠎ᠠ ᠲᠠᠯᠪᠢᠬᠤ ᠥᠶᠡᠰ᠂ ᠪᠠᠴᠢᠮ ᠶᠠᠭᠠᠷᠠᠤ ᠪᠠᠶᠢᠳᠠᠯ ᠠᠮᠠᠷᠬᠠᠨ ᠢᠯᠡᠷᠡᠵᠤ᠂ ᠴᠢᠰᠤᠨ ᠲᠠᠷᠤᠯᠳᠠ ᠥᠨᠳᠤᠷᠵᠢᠵᠤ᠂ ᠵᠢᠷᠤᠬᠡᠨ ᠡᠪᠡᠳᠴᠢᠨ ᠡᠬᠦᠰᠬᠦ ᠠᠶᠤᠯ ᠢ ᠨᠡᠮᠡᠭᠳᠡᠬᠦᠯᠳᠡᠭ ᠶᠤᠮ᠃
 
ᠢᠷᠡᠯᠲᠡ᠄ ︽ᠬᠤᠯᠪᠤᠭ᠎ᠠ︾ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号