ᠵᠢᠯ ᠤᠨ ᠦᠩᠭᠡ ᠶᠢᠨ ᠰᠠᠶᠢᠨ ᠮᠠᠭᠤ ᠶᠢ ᠨᠠᠮᠤᠷ ᠤᠨ ᠬᠤᠷᠢᠶᠠᠯᠲᠠ ᠠᠴᠠ ᠬᠠᠷᠠᠵᠤ ᠪᠤᠯᠤᠨ᠎ᠠ᠃ ᠲᠠᠷᠢᠶᠠᠯᠠᠩ ᠤᠨ | ᠬᠤᠷᠢᠶᠠᠯᠳᠠ ᠰᠠᠶᠢᠨ ᠪᠤᠯ ᠲᠠᠷᠢᠶᠠᠴᠢᠳ ᠤᠨ ᠰᠡᠳᠭᠢᠯ ᠴᠤ ᠲᠡᠨᠢᠬᠦᠨ᠃ ᠣᠳᠣᠬᠠᠨ ᠶᠠᠭ ᠨᠠᠮᠤᠷ ᠤᠨ ᠬᠤᠷᠢᠶᠠᠯᠲᠠ | ᠶᠢᠨ ᠤᠯᠠᠷᠢᠯ ᠪᠤᠯᠤᠭᠠᠳ ᠲᠠᠶᠢᠹᠤᠰᠧ ᠬᠤᠰᠢᠭᠤᠨ ᠤ ᠬᠢᠨ ᠲᠠᠷᠢᠶ᠎ᠠ ᠲᠥᠮᠥᠰᠥ ᠪᠠᠨ ᠴᠠᠭ ᠢ ᠵᠠᠪᠳᠤᠨ ᠬᠤᠷᠢᠶᠠᠵᠤ᠂ | ᠬᠦᠳᠡᠭᠡ ᠲᠤᠰᠬᠤᠨ ᠳᠤ ᠡᠯᠪᠡᠭ ᠬᠤᠷᠢᠶᠠᠯᠲᠠ ᠶᠢᠨ ᠡᠭᠡᠰᠢᠭ ᠲᠠᠭᠤᠤ ᠬᠠᠩᠬᠢᠨᠠᠨ᠎ᠠ᠃ | ᠵᠠᠩ ᠵᠢᠶᠦ᠋ᠨ ᠪᠣᠯ ᠪᠣᠤᠴᠠᠩ ᠪᠠᠯᠭᠠᠰᠤᠨ ᠤ ᠹᠦ᠋ ᠰᠢᠩ ᠲᠣᠰᠬᠤᠨ ᠤ ᠲᠠᠷᠢᠶᠠᠴᠢᠨ ᠪᠥᠭᠡᠳ ᠯᠢ ᠶᠤᠸᠠᠨ ᠹᠦ᠋ | ᠲᠥᠮᠥᠰᠥ ᠳᠠᠷᠢᠬᠤ ᠬᠢᠵᠠᠭᠠᠷᠲᠤ ᠺᠣᠮᠫᠠᠨᠢ ᠶᠢᠨ ᠬᠠᠷᠢᠭᠤᠴᠠᠯᠭᠠᠲᠠᠨ ᠶᠤᠮ᠂ ᠡᠨᠡ ᠬᠡᠳᠦᠨ ᠡᠳᠦᠷ ᠲᠡᠷᠡᠪᠡᠷ ᠤᠨᠠᠭᠰᠠᠨ | ᠮᠠᠯᠠᠭᠠᠢ ᠰᠢᠬᠦᠷᠬᠦ ᠵᠠᠪ ᠦᠬᠡᠢ ᠶᠠᠭᠠᠷᠠᠵᠤ᠂ ᠬᠠᠷ᠎ᠠ ᠦᠷᠯᠦᠬᠡᠬᠦᠷ ᠠᠵᠢᠯᠴᠢᠳ ᠶᠢᠨ ᠲᠠᠭᠠᠭᠤᠯᠤᠨ ᠰᠠᠭᠤᠷᠢᠨ ᠭᠠᠵᠠᠷ | ᠲᠠᠭᠠᠨ ᠤᠴᠢᠭᠠᠳ᠂ ᠪᠤᠯᠪᠠᠰᠤᠷᠠᠭᠰᠠᠨ ᠲᠥᠮᠥᠰᠥ ᠶᠢ ᠮᠠᠯᠳᠠᠬᠤ᠂ ᠢᠯᠭᠠᠬᠤ᠂ ᠪᠣᠭᠤᠳᠠᠯᠯᠠᠬᠤ᠂ ᠲᠡᠭᠡᠭᠡᠬᠦ᠂ | ᠪᠣᠷᠣᠯᠠᠭᠤᠯᠬᠤ ᠠᠵᠢᠯ ᠢ ᠪᠠᠴᠢᠮ ᠶᠠᠭᠠᠷᠠᠯᠲᠠᠢ ᠪᠦᠬᠡᠳ ᠡᠮᠬᠢ ᠳᠢᠭᠯᠢᠮ ᠲᠠᠢ ᠬᠦᠢᠴᠡᠳᠭᠡᠨ᠎ᠡ᠃ ᠨᠢᠳᠤᠨᠤᠨ ᠵᠠᠩ | ᠵᠢᠶᠦ᠋ᠨ ᠤ 1000 ᠮᠦ ᠵᠢᠱᠢᠶ᠎ᠡ ᠦᠵᠡᠭᠦᠯᠬᠦ ᠲᠠᠷᠢᠶᠠᠨ ᠭᠠᠵᠠᠷ ᠤᠨ ᠮᠦ ᠪᠦᠷᠢ ᠶᠢᠨ ᠤᠨᠠᠯᠲᠠ ᠨᠢ 5.6 ᠲᠣᠨ ᠳᠤ | ᠬᠦᠷᠴᠦ᠂ ᠪᠦᠬᠦ ᠣᠷᠣᠨ ᠤ ᠲᠦᠮᠦᠰᠦᠨ ᠤ ᠲᠠᠷᠢᠶᠠᠨ ᠤ ᠲᠠᠯᠠᠪᠠᠢ ᠨᠢᠭᠡᠴᠢ ᠶᠢᠨ ᠤᠨᠠᠯᠲᠠ ᠶᠢᠨ ᠬᠠᠮᠤᠭ ᠤᠨ | ᠥᠨᠳᠥᠷ ᠲᠡᠮᠳᠡᠭᠯᠡᠯ ᠢ ᠡᠬᠦᠳᠦᠭᠰᠡᠨ ᠪᠠᠶᠢᠪᠠ᠃ ︽ᠲᠦᠮᠦᠰᠦ ᠲᠠᠷᠢᠭᠠᠳ ᠲᠤᠯᠤᠭ᠎ᠠ ᠨᠠᠢᠮᠠᠨ ᠵᠢᠯ ᠵᠢᠯ ᠪᠤᠯᠵᠤ ᠪᠤᠢ᠂ | ᠵᠢᠯ ᠪᠦᠷᠢ 1000 ᠮᠥ ᠣᠷᠴᠢᠮ ᠳᠠᠷᠢᠵᠤ᠂ ᠲᠤᠬᠠᠶ ᠶᠢᠨ ᠭᠠᠵᠠᠷ ᠤᠨ ᠢᠶᠠᠨ ᠲᠠᠪᠢ ᠵᠢᠷᠠᠭᠠᠳ ᠲᠠᠷᠢᠶᠠᠴᠢᠨ ᠢ | ᠬᠥᠯᠥᠰᠥᠯᠡᠵᠦ ᠪᠠᠶᠢᠨ᠎ᠠ᠂ ᠬᠤᠷᠢᠶᠠᠯᠳᠠ ᠶᠢᠨ ᠤᠯᠠᠷᠢᠯ ᠳᠤ ᠪᠠᠰᠠ ᠨᠢᠬᠡ ᠪᠦᠯᠦᠭ ᠬᠦᠮᠦᠨ ᠭᠡᠷᠡᠭᠯᠡᠨ᠎ᠡ᠂ ᠵᠢᠯ ᠤᠨ | ᠤᠨᠠᠯᠳᠠ ᠭᠡᠪᠡᠯ ᠪᠠᠷᠤᠭ ᠨᠢᠬᠡ ᠮᠦ ᠠᠴᠠ 5 ᠲᠣᠨ ᠢᠯᠡᠭᠦᠦ ᠬᠤᠷᠢᠶᠠᠵᠤ ᠪᠤᠢ᠂ ᠡᠨᠡ ᠵᠢᠯ ᠤᠨ ᠤᠨᠠᠯᠳᠠ | ᠨᠢᠳᠤᠨᠤᠨ ᠤ ᠬᠢ ᠠᠴᠠ ᠪᠠᠰᠠ ᠥᠨᠳᠥᠷ ᠂ ᠪᠤᠷᠤᠯᠠᠭᠤᠯᠭ᠎ᠠ ᠶᠢᠨ ᠪᠠᠶᠢᠳᠠᠯ ᠴᠦ ᠨᠡᠯᠢᠶᠡᠳ ᠲᠣᠭᠲᠠᠭᠤᠨ ᠪᠠᠶᠢᠵᠤ᠂ | ᠬᠤᠳᠠᠯᠳᠤᠭᠠᠴᠢᠳ ᠰᠢᠭᠤᠳ ᠲᠠᠷᠢᠶᠠᠨ ᠭᠠᠵᠠᠷ ᠠᠴᠠ ᠲᠡᠭᠡᠭᠡᠪᠦᠷᠢᠯᠡᠵᠦ ᠪᠠᠶᠢᠨ᠎ᠠ︾ ᠬᠡᠵᠦ ᠵᠠᠩ ᠵᠢᠶᠦ᠋ᠨ ᠰᠡᠳᠬᠢᠯ | ᠬᠠᠩᠬᠤᠯᠤᠭᠤᠨ ᠶᠠᠷᠢᠨ᠎ᠠ᠃ | ᠨᠠᠮᠤᠷ ᠤᠨ ᠬᠤᠷᠢᠶᠠᠯᠲᠠ ᠬᠦᠷᠴᠦ ᠢᠷᠡᠬᠦ ᠶᠢ ᠲᠠᠭᠠᠯᠳᠤᠭᠠᠳ᠂ ᠨᠢᠭᠡ ᠪᠦᠯᠦᠭ ᠲᠠᠷᠢᠶᠠᠴᠢᠨ ᠨᠢ ᠬᠦᠯᠦᠰᠦᠨ | ᠠᠵᠢᠯᠴᠢᠨ ᠪᠤᠯᠤᠭᠠᠳ᠂ ᠬᠤᠷᠢᠶᠠᠯᠲᠠ ᠶᠢᠨ ᠲᠤᠬᠠᠢ ᠶᠢᠨ ᠲᠠᠯᠠᠪᠠᠢ ᠳᠤ ᠬᠠᠨᠴᠤᠢ ᠰᠢᠮᠠᠯᠠᠨ ᠠᠵᠢᠯᠯᠠᠵᠤ᠂ | ᠲᠠᠷᠢᠶᠠᠯᠠᠩ ᠤᠨ ᠬᠦᠷᠢᠶᠡᠯᠡᠩ ᠲᠣᠭᠤᠷᠢᠭ ᠪᠤᠶᠤ ᠲᠠᠷᠢᠶᠠᠯᠠᠩ ᠤᠨ ᠲᠤᠮᠤ ᠡᠷᠦᠬᠡ ᠶᠢᠨ ᠠᠵᠢᠯᠴᠢᠨ ᠬᠡᠷᠡᠭᠯᠡᠬᠦ ᠬᠦᠴᠢᠷ | ᠠᠰᠠᠭᠤᠳᠠᠯ ᠢ ᠰᠢᠢᠳᠪᠦᠷᠢᠯᠡᠭᠰᠡᠨ ᠮᠥᠷᠲᠡᠭᠡᠨ ᠦᠪᠡᠷᠰᠡᠳ ᠤᠨ ᠢᠶᠠᠨ ᠠᠰᠢᠭ ᠣᠷᠣᠯᠭ᠎ᠠ ᠶᠢ ᠨᠡᠮᠡᠭᠳᠡᠬᠦᠯᠦᠨ᠎ᠡ᠃ ᠡᠨᠡ | ᠵᠢᠯ 47 ᠨᠠᠰᠤᠲᠠᠶ ᠴᠢ ᠱᠤ᠋ ᠶᠦᠨ ᠪᠣᠯ ᠵᠡᠷᠭᠡᠯᠡᠳᠡᠭᠡ ᠲᠣᠰᠬᠤᠨ ᠤ ᠲᠠᠷᠢᠶᠠᠴᠢᠨ ᠪᠣᠯᠤᠨ᠎ᠠ᠂ ᠦᠨᠦᠳᠦᠷ ᠲᠡᠷᠡ ᠶᠠᠭ | ᠵᠠᠩ ᠵᠢᠶᠦ᠋ᠨ ᠤ ᠲᠦᠮᠦᠰᠦᠨ ᠤ ᠰᠠᠭᠤᠷᠢᠨ ᠭᠠᠵᠠᠷ ᠲᠤ ᠲᠥᠮᠥᠰᠥ ᠲᠡᠬᠦᠭᠡᠳ ᠶᠠᠭᠠᠷᠠᠵᠤ ᠪᠠᠶᠢᠯ᠎ᠠ᠃ ︽ ᠮᠠᠰᠢᠨ | ᠲᠡᠷᠭᠡ ᠪᠠᠷ ᠲᠤᠰᠴᠤ ᠬᠦᠷᠭᠡᠬᠦ ᠪᠤᠯᠬᠤᠷ ᠮᠠᠰᠢ ᠳᠥᠭᠦᠮ᠂ ᠡᠳᠡᠨ ᠤ ᠬᠢᠨ ᠮᠠᠨ ᠤ ᠭᠡᠷ ᠠᠴᠠ ᠴᠤ ᠨᠡᠯᠢᠶᠡᠳ | ᠤᠶᠢᠷᠠᠬᠠᠨ᠂ ᠡᠳᠦᠷ ᠲᠤ 200 ᠭᠠᠷᠤᠶ ᠲᠥᠭᠦᠷᠢᠭ ᠤᠨ ᠤᠷᠤᠯᠭ᠎ᠠ ᠣᠯᠵᠤ ᠳᠡᠶᠢᠯᠦᠨ᠎ᠡ︾ ᠭᠡᠵᠦ ᠴᠢ ᠱᠦ ᠶᠦᠨ | ᠪᠠᠶᠠᠷᠯᠠᠨ᠎ᠠ᠃ | ᠪᠤᠤᠴᠠᠩ ᠪᠠᠯᠭᠠᠰᠤᠨ ᠤ ᠡᠤ ᠹᠦ᠋ ᠲᠣᠰᠬᠤᠨ ᠳᠤ ᠬᠦᠷᠬᠦᠶ᠎ᠡ᠂ ᠲᠣᠮᠤ ᠲᠤᠮᠤ ᠠᠴᠢᠶᠠᠨ ᠤ ᠮᠠᠰᠢᠨ ᠨᠤᠭᠤᠳ | ᠶᠠᠭ ᠲᠡᠭᠦᠵᠦ ᠠᠪᠤᠭᠰᠠᠨ ᠲᠥᠮᠥᠰᠥ ᠪᠠᠨ ᠲᠡᠭᠡᠭᠡᠬᠦ ᠪᠠᠷ ᠬᠦᠯᠢᠶᠡᠵᠦ ᠵᠤᠭᠰᠤᠨ᠎ᠠ᠂ ᠡᠶᠢᠨ ᠬᠦ᠋ ᠡᠳᠡᠭᠡᠷ ᠰᠢᠨ᠎ᠡ | ᠰᠤᠷᠭᠤᠭ ᠲᠦᠮᠦᠰᠦ ᠨᠢ ᠮᠠᠰᠢ ᠲᠦᠷᠭᠡᠨ ᠢᠶᠠᠷ ᠪᠦᠬᠦ ᠤᠯᠤᠰ ᠤᠨ ᠡᠯ᠎ᠡ ᠭᠠᠵᠠᠷ ᠲᠤ ᠪᠤᠷᠤᠯᠠᠭᠤᠯᠤᠭᠳᠠᠳᠠᠭ ᠶᠤᠮ | ᠪᠠᠶᠢᠨ᠎ᠠ᠃ ︽ᠪᠢ ᠾᠧᠨᠠᠨ ᠮᠤᠵᠢ ᠠᠴᠠ ᠢᠷᠡᠵᠡᠢ᠂ ᠲᠠᠶᠢᠹᠦᠰᠧ ᠬᠤᠰᠢᠭᠤᠨ ᠳᠤ ᠢᠷᠡᠵᠦ ᠲᠥᠮᠥᠰᠥ | ᠲᠡᠭᠡᠭᠡᠪᠦᠷᠢᠯᠡᠭᠡᠳ 8 ᠵᠢᠯ ᠪᠤᠯᠵᠤ ᠪᠠᠶᠢᠨ᠎ᠠ᠂ ᠡᠨᠡ ᠵᠢᠯ 2000 ᠭᠠᠷᠤᠶ ᠲᠣᠨ ᠠᠪᠬᠤ ᠲᠦᠯᠦᠪᠯᠡᠭᠡ ᠲᠠᠢ᠂ | ᠲᠦᠮᠦᠰᠦ ᠨᠢ ᠪᠦᠳᠦᠬᠦᠨ᠂ ᠤᠨᠠᠯᠳᠠ ᠨᠢ ᠥᠨᠳᠥᠷ᠂ ᠴᠢᠨᠠᠷ ᠨᠢ ᠰᠠᠶᠢᠨ ᠪᠤᠯᠬᠤᠷ ᠵᠢᠯ ᠪᠦᠷᠢ ᠠᠳᠡ ᠠᠴᠠ ᠠᠪᠳᠠᠭ | ᠶᠤᠮ︾ ᠬᠡᠵᠦ ᠬᠤᠳᠠᠯᠳᠤᠭᠠᠴᠢᠨ ᠯᠢ ᠠᠪᠤᠭᠠᠢ ᠰᠤᠷᠪᠤᠯᠵᠢᠯᠠᠭᠴᠢ ᠳᠤ ᠮᠠᠭᠳᠠᠨ᠎ᠠ᠃ | ᠣᠶᠢᠯᠠᠭᠠᠭᠰᠠᠨ ᠢᠶᠠᠷ᠂ 2024 ᠣᠨ ᠳᠤ ᠲᠠᠶᠢᠹᠤᠰᠧ ᠬᠤᠰᠢᠭᠤᠨ ᠤ ᠲᠥᠮᠥᠰᠥ ᠳᠠᠷᠢᠬᠤ ᠲᠠᠯᠠᠪᠠᠶ 51.6 | ᠲᠦᠮᠡᠨ ᠮᠦ ᠣᠷᠴᠢᠮ ᠳᠤ ᠬᠦᠷᠴᠡᠢ᠃ ᠣᠷᠴᠢᠮ ᠤᠨ ᠵᠢᠯ ᠳᠤ ᠲᠤᠰ ᠬᠤᠰᠢᠭᠤ ᠨᠢ ᠭᠠᠵᠠᠷ ᠵᠦᠢ ᠶᠢᠨ | ᠳᠠᠪᠠᠭᠤᠯᠢᠭ ᠲᠠᠭᠠᠨ ᠲᠦᠰᠢᠭᠯᠡᠨ ᠲᠥᠮᠥᠰᠥ ᠲᠠᠷᠢᠬᠤ ᠲᠠᠯᠠᠪᠠᠢ ᠶᠢ ᠲᠠᠰᠤᠷᠠᠯᠲᠠ ᠦᠭᠡᠢ ᠦᠷᠭᠡᠳᠭᠡᠨ᠂ ᠤᠨᠠᠯᠳᠠ | ᠭᠠᠷᠤᠯᠲᠠ ᠶᠢ ᠲᠠᠰᠤᠷᠠᠯᠲᠠ ᠦᠭᠡᠢ ᠨᠡᠮᠡᠭᠳᠡᠬᠦᠯᠦᠭᠡᠳ᠂ ᠲᠦᠮᠦᠰᠦᠨ ᠤ ᠠᠵᠤ ᠦᠢᠯᠡᠰ ᠨᠢ ᠨᠢᠭᠡᠨᠲᠡ ᠪᠦᠬᠦ | ᠬᠤᠰᠢᠭᠤᠨ ᠤ ᠲᠠᠷᠢᠶᠠᠯᠠᠩ ᠤᠨ ᠭᠤᠣᠯᠯᠠᠬᠤ ᠠᠵᠤ ᠦᠢᠯᠡᠰ ᠤᠨ ᠨᠢᠭᠡ ᠪᠣᠯᠤᠭᠰᠠᠨ ᠪᠠᠶᠢᠨ᠎ᠠ᠃ ᠲᠠᠶᠢᠹᠤᠰᠧ | ᠬᠤᠰᠢᠭᠤᠨ ᠤ ᠬᠢᠨ ︽ᠶᠠᠰᠤ ᠴᠢᠨᠠᠷ ᠢᠶᠠᠷ ᠲᠥᠮᠥᠰᠥ ᠶᠢ ᠬᠥᠭᠵᠢᠭᠦᠯᠬᠦ᠂ ᠨᠠᠷᠠᠲᠤ ᠲᠡᠮᠳᠡᠭ ᠢᠶᠠᠷ ᠲᠥᠮᠥᠰᠥ ᠶᠢ | ᠬᠦᠴᠦᠷᠬᠡᠭᠵᠢᠭᠦᠯᠬᠦ︾ ᠬᠥᠭᠵᠢᠯᠲᠡ ᠶᠢᠨ ᠰᠡᠳᠬᠢᠴᠡ ᠶᠢ ᠪᠠᠷᠢᠮᠳᠠᠯᠠᠨ᠂ ᠲᠦᠮᠦᠰᠦᠨ ᠤ ᠰᠢᠨᠵᠢᠯᠡᠭᠡ ᠰᠤᠳᠤᠯᠭᠠᠨ ᠂ | ᠰᠢᠯᠢᠳᠡᠭ ᠲᠦᠷᠦᠯ ᠤᠨ ᠡᠬᠦᠳᠦᠯᠳᠡ᠂ ᠰᠠᠭᠤᠷᠢᠨ ᠭᠠᠵᠠᠷ ᠤᠨ ᠪᠠᠶᠢᠭᠤᠯᠤᠯᠲᠠ᠂ ᠡᠳ᠋ᠰᠢᠬᠦᠯᠦᠯᠳᠡ ᠬᠠᠳᠠᠭᠠᠯᠠᠯᠳᠠ | ᠪᠠ ᠪᠤᠷᠤᠯᠠᠭᠤᠯᠭ᠎ᠠ ᠵᠡᠷᠭᠡ ᠶᠢ ᠪᠦᠬᠦ ᠲᠠᠯᠠᠪᠠᠷ ᠴᠢᠩᠭᠠᠳᠬᠠᠵᠤ᠂ ᠲᠦᠮᠦᠰᠦᠨ ᠤ ᠠᠵᠤ ᠦᠢᠯᠡᠰ ᠤᠨ ᠬᠡᠯᠬᠢᠶ᠎ᠡ ᠶᠢ | ᠤᠷᠳᠤᠳᠬᠠᠭᠠᠳ᠂ ᠪᠤᠶᠢᠵᠢᠭᠤᠯᠬᠤ᠂ ᠦᠷᠡᠵᠢᠭᠦᠯᠬᠦ᠂ ᠳᠠᠷᠢᠬᠤ᠂ ᠡᠳ᠋ᠰᠢᠭᠦᠯᠬᠦ᠂ ᠪᠣᠷᠣᠯᠠᠭᠤᠯᠬᠤ ᠶᠢ ᠨᠢᠭᠡ | ᠴᠣᠭᠴᠠᠵᠢᠭᠤᠯᠤᠭᠰᠠᠨ ᠠᠵᠤ ᠦᠢᠯᠡᠰᠵᠢᠭᠰᠡᠨ ᠬᠦᠭᠵᠢᠯᠳᠡ ᠶᠢᠨ ᠰᠢᠨ᠎ᠡ ᠵᠠᠭᠪᠤᠷ ᠢ ᠪᠦᠷᠢᠯᠳᠦᠭᠦᠯᠵᠦ᠂ ᠤᠨᠴᠠᠯᠢᠭᠳᠤ | ᠠᠵᠤ ᠦᠢᠯᠡᠰ ᠤᠨ ᠬᠥᠭᠵᠢᠯᠲᠡ ᠶᠢᠨ ᠵᠠᠮ ᠢ ᠡᠬᠦᠳᠴᠡᠢ᠃ |