︽  ᠨᠤᠮ ᠤᠨ ᠦᠨᠦᠷ ᠲᠠᠢ ᠠᠩᠬᠢᠯᠤᠮ᠎ᠠ ᠰᠠᠷᠭᠠᠢ︾ ᠡᠮᠡᠭᠲᠡᠢ ᠠᠵᠢᠯᠲᠠᠨ ᠤ ᠨᠣᠮ ᠤᠩᠰᠢᠵᠤ ᠬᠤᠪᠢᠶᠠᠯᠴᠠᠬᠤ ᠠᠵᠢᠯᠯᠠᠭ᠎ᠠ ᠠᠮᠵᠢᠯᠲᠠ ᠲᠠᠢ ᠶᠠᠪᠤᠭᠳᠠᠭᠰᠠᠨ
ᠨᠡᠶᠢᠲᠡᠯᠡᠭᠰᠡᠨ ᠴᠠᠭ᠄
2024/8/22
  8 ᠰᠠᠷ᠎ᠠ ᠶᠢᠨ 22 ᠤᠨ ᠡᠳᠦᠷ  ᠂ ︽ᠨᠤᠮ ᠤᠨ ᠦᠨᠦᠷ ᠲᠠᠢ ᠠᠩᠬᠢᠯᠤᠮ᠎ᠠ ᠰᠠᠷᠭᠠᠢ︾ ᠲᠠᠶᠢᠹᠤᠰᠧ ᠬᠤᠰᠢᠭᠤᠨ ᠤ 2024 ᠣᠨ ᠤ ᠡᠮᠡᠭᠲᠡᠢ ᠠᠵᠢᠯᠳᠠᠨ ᠤ ᠨᠣᠮ ᠤᠩᠰᠢᠵᠤ ᠬᠤᠪᠢᠶᠠᠯᠴᠠᠬᠤ ᠠᠵᠢᠯᠯᠠᠭ᠎ᠠ ᠠᠮᠵᠢᠯᠲᠠ ᠲᠠᠢ  ᠪᠤᠯᠵᠤ ᠦᠩᠭᠡᠷᠡᠯ᠎ᠡ᠃ ᠪᠦᠬᠦ ᠬᠤᠰᠢᠭᠤᠨ ᠤ ᠡᠯ᠎ᠡ ᠪᠠᠶᠢᠭᠤᠯᠭ᠎ᠠ ᠨᠢᠬᠡᠴᠡ ᠠᠵᠤ ᠠᠬᠤᠶᠢᠯᠠᠯ ᠠᠴᠠ ᠢᠷᠡᠭᠰᠡᠨ 11 ᠡᠮᠡᠭᠲᠡᠶ ᠠᠵᠢᠯᠲᠠᠨ ᠢᠶᠠᠷ ᠪᠦᠷᠢᠯᠳᠦᠭᠰᠡᠨ 8 ᠲᠥᠯᠥᠭᠡᠯᠡᠭᠴᠢᠳ ᠤᠨ ᠠᠩᠭᠢ ᠨᠢ ᠭᠤᠴᠤᠯᠠᠯ ᠤᠩᠰᠢᠯᠭ᠎ᠠ ᠪᠤᠶᠤ ᠬᠠᠮᠳᠤ ᠶᠢᠨ ᠤᠩᠰᠢᠯᠭ᠎ᠠ ᠶᠢᠨ ᠬᠡᠯᠪᠡᠷᠢ ᠪᠠᠷ ︽ᠰᠢ ᠶᠢᠨ ᠫᠢᠩ ᠤᠨ ᠦᠯᠢᠭᠡᠷ — 30 ᠭᠠᠵᠠᠷ  ᠤᠨ ᠴᠠᠭᠠᠨ᠎ᠠ ᠠᠴᠠ ᠨᠤᠮ ᠵᠢᠭᠡᠯᠡᠭᠰᠡᠨ ᠨᠢ︾᠂ ︽ᠰᠡᠬᠡᠭᠡᠷᠡᠭᠰᠡᠨ ᠤᠨ ᠵᠢᠯ︾᠂ ︽ᠠᠷᠢᠭᠤᠨ ᠬᠠᠶᠢᠷ᠎ᠠ᠂ ᠳᠤᠮᠳᠠᠳᠤ ᠤᠯᠤᠰ ᠤᠨ ᠢᠶᠠᠨ ᠲᠦᠯᠦᠭᠡ︾᠂ ︽ᠪᠢ ᠪᠣᠯ ᠨᠢᠭᠡ ᠮᠣᠩᠭᠤᠯ ᠮᠣᠷᠢ︾ ᠵᠡᠷᠭᠡ ᠤᠳᠬ᠎ᠠ ᠰᠠᠨᠠᠭ᠎ᠠ ᠨᠢ ᠭᠦᠨ᠂ ᠠᠯᠤᠰ ᠬᠡᠲᠦ ᠶᠢᠨ ᠨᠥᠯᠥᠭᠡ ᠲᠠᠢ ᠥᠯᠢᠭᠡᠷ ᠤᠳ ᠢ ᠬᠤᠪᠢᠶᠠᠯᠴᠠᠭᠰᠠᠨ ᠪᠠᠶᠢᠨ᠎ᠠ᠃      ᠡᠮᠡᠭᠳᠡᠢ ᠠᠵᠢᠯᠳᠠᠨ ᠯᠢ ᠶᠠᠨ ᠰᠢᠶᠠ᠄ ︽ᠨᠣᠮ ᠤᠩᠰᠢᠬᠤ ᠪᠣᠯ ᠨᠢᠭᠡ ᠵᠦᠢᠯ ᠤᠨ ᠰᠠᠶᠢᠨ ᠲᠠᠳᠬᠠᠯ᠂ ᠪᠢᠳᠡᠨ ᠢ ᠬᠠᠪᠰᠤᠷᠴᠤ ᠪᠡᠶ᠎ᠡ ᠰᠡᠳᠭᠢᠯ ᠢ ᠲᠠᠶᠢᠪᠤᠰᠢᠷᠠᠭᠤᠯᠤᠨ᠂  ᠤᠶᠤᠨ ᠮᠡᠳᠡᠯᠭᠡ ᠶᠢ ᠨᠡᠮᠡᠭᠳᠡᠭᠦᠯᠤᠨ᠎ᠠ᠃ ᠡᠨᠡ ᠤᠳᠠᠭᠠᠨ ᠤ ᠠᠵᠢᠯᠯᠠᠭ᠎ᠠ ᠨᠢ ᠪᠢᠳᠡᠨ ᠳᠤ ᠤᠯᠤᠯᠳᠠ ᠲᠦᠷᠦᠭᠳᠡᠯ ᠢᠶᠠᠨ ᠬᠤᠪᠢᠶᠠᠯᠴᠠᠵᠤ ᠰᠤᠯᠢᠯᠴᠠᠬᠤ ᠰᠠᠶᠢᠬᠠᠨ ᠲᠠᠪᠴᠠᠩ ᠢ ᠬᠠᠩᠭᠠᠵᠠᠢ᠂ ᠪᠢᠳᠡᠨ ᠤ ᠨᠥᠯᠥᠭᠡ ᠪᠠᠷ ᠨᠣᠮ ᠤᠩᠰᠢᠬᠤ ᠰᠠᠶᠢᠬᠠᠨ ᠳᠠᠳᠬᠠᠯ ᠭᠡᠷ ᠪᠦᠯᠢ ᠨᠢᠬᠡᠪᠦᠷᠢ ᠳᠤ ᠤᠯᠠᠮᠵᠢᠯᠠᠭᠳᠠᠵᠤ᠂  ᠨᠤᠮ ᠤᠨ ᠴᠠᠭᠠᠨ ᠪᠤᠶᠠᠨ ᠨᠡᠶᠢᠬᠡᠮ ᠨᠡᠶᠢᠳᠡ ᠳᠤ ᠲᠡᠯᠬᠡᠷᠡᠬᠦ ᠶᠢ ᠬᠦᠰᠡᠵᠦ ᠪᠠᠶᠢᠨ᠎ᠠ︾᠃    ᠲᠠᠶᠢᠹᠤᠰᠧ ᠬᠤᠰᠢᠭᠤᠨ ᠤ ᠠᠵᠢᠯᠴᠢᠨ ᠤ ᠶᠡᠷᠦᠩᠬᠡᠶ ᠡᠪᠯᠡᠯ ᠠᠴᠠ ᠵᠣᠬᠢᠶᠠᠨ ᠪᠠᠶᠢᠭᠤᠯᠵᠤ ᠡᠷᠬᠢᠯᠡᠭᠰᠡᠨ ᠡᠨᠡ ᠤᠳᠠᠭᠠᠨ ᠤ ᠨᠣᠮ ᠤᠩᠰᠢᠵᠤ ᠬᠤᠪᠢᠶᠠᠯᠴᠠᠬᠤ ᠠᠵᠢᠯᠯᠠᠭ᠎ᠠ ᠨᠢ ᠡᠮᠡᠭᠲᠡᠶ ᠠᠵᠢᠯᠲᠠᠨ ᠤ ᠦᠵᠡᠯ ᠰᠠᠨᠠᠭ᠎ᠠ ᠤᠯᠤᠰ ᠲᠥᠷᠥ ᠶᠢᠨ ᠵᠢᠯᠣᠭᠤᠳᠤᠮᠵᠢ ᠶᠢ ᠴᠢᠩᠭᠠᠳᠬᠠᠵᠤ᠂ ᠪᠦᠬᠦ ᠬᠤᠰᠢᠭᠤᠨ ᠤ ᠺᠠᠳ᠋ᠷ ᠠᠵᠢᠯᠳᠠᠳ ᠢ ᠵᠢᠯᠤᠭᠤᠳᠤᠨ ᠨᠣᠮ ᠤᠩᠰᠢᠬᠤ ᠳᠤᠷᠠᠲᠠᠶ ᠪᠤᠯᠭᠠᠵᠤ᠂ ᠬᠡᠷ ᠪᠦᠯᠢ ᠪᠠᠷ ᠢᠶᠠᠨ ᠨᠤᠮ ᠤᠩᠰᠢᠬᠤ ᠶᠢ ᠳᠠᠶᠢᠴᠢᠯᠠᠨ᠂ ᠪᠥᠬᠦ ᠨᠡᠶᠢᠭᠡᠮ ᠤᠨ ᠨᠣᠮ ᠤᠩᠰᠢᠬᠤ ᠳᠤᠷᠠᠲᠠᠶ ᠰᠠᠶᠢᠨ ᠰᠠᠶᠢᠬᠠᠨ ᠬᠡᠪ ᠰᠤᠷᠲᠠᠯ ᠢ ᠪᠣᠶ ᠪᠣᠯᠭᠠᠬᠤ   ᠪᠠᠷ ᠵᠤᠷᠢᠯᠭ᠎ᠠ ᠪᠤᠯᠭᠠᠵᠠᠢ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号