ᠪᠠᠶᠢᠭᠠᠯᠢᠯᠢᠭ ᠬᠠᠳᠤᠯᠠᠩ ᠤᠨ ᠲᠠᠯᠠᠪᠠᠢ ᠶᠢᠨ ᠬᠠᠮᠠᠭᠠᠯᠠᠯᠲᠠ ᠪᠠ ᠬᠠᠮᠢᠶᠠᠷᠤᠯᠲᠠ ᠶᠢ ᠤᠯᠠᠮ ᠴᠢᠩᠭᠠᠳᠬᠠᠵᠤ᠂ | ᠡᠪᠡᠰᠦ ᠬᠠᠳᠤᠵᠤ ᠬᠤᠷᠢᠶᠠᠬᠤ ᠠᠵᠢᠯᠯᠠᠭ᠎ᠠ ᠶᠢ ᠲᠦᠷᠢᠮᠵᠢᠬᠦᠯᠦᠨ᠂ ᠨᠤᠲᠤᠭ ᠪᠡᠯᠴᠢᠭᠡᠷ ᠤᠨ ᠬᠠᠮᠠᠭᠠᠯᠠᠯᠲᠠ | ᠪᠠᠶᠢᠭᠤᠯᠤᠯᠲᠠ ᠪᠠ ᠡᠪᠡᠰᠦᠨ ᠤ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠪᠥᠬᠦ ᠬᠦᠴᠦᠨ ᠢᠶᠠᠷ ᠠᠬᠢᠭᠤᠯᠵᠤ᠂ | ᠬᠠᠳᠤᠯᠠᠩ ᠤᠨ ᠲᠠᠯᠠᠪᠠᠢ ᠶᠢᠨ ᠦᠨᠢᠳᠡ ᠶᠢᠨ ᠠᠰᠢᠭᠯᠠᠯᠳᠠ᠂ ᠮᠠᠯ ᠠᠵᠤ ᠠᠬᠤᠢ ᠶᠢᠨ ᠦᠷᠬᠦᠯᠵᠢᠯᠡᠭᠰᠡᠨ ᠬᠥᠭᠵᠢᠯᠲᠡ | ᠪᠠ ᠲᠠᠯ᠎ᠠ ᠨᠤᠲᠤᠭ ᠤᠨ ᠠᠮᠢ ᠠᠬᠤᠢ ᠶᠢᠨ ᠠᠮᠤᠷ ᠲᠦᠪᠰᠢᠨ ᠢ ᠦᠨᠡᠨ ᠬᠦ ᠪᠠᠲᠤᠯᠠᠬᠤ ᠶᠢᠨ ᠲᠥᠯᠥᠭᠡ᠂ | 2024 ᠣᠨ ᠤ ᠬᠠᠳᠤᠯᠠᠩ ᠤᠨ ᠲᠠᠯᠠᠪᠠᠢ ᠶᠢᠨ ᠬᠠᠮᠠᠭᠠᠯᠠᠯᠳᠠ ᠪᠠ ᠠᠰᠢᠭᠯᠠᠯᠳᠠ ᠶᠢ ᠴᠢᠩᠭᠠᠳᠬᠠᠬᠤ ᠲᠤᠬᠠᠢ | ᠬᠠᠮᠢᠶ᠎ᠠ ᠪᠦᠬᠦᠢ ᠤᠴᠢᠷ ᠢ ᠳᠣᠣᠷᠠᠬᠢ ᠮᠡᠲᠦ ᠵᠠᠷᠯᠠᠶ᠎ᠠ᠄ | 1. ᠪᠥᠬᠦ ᠬᠤᠰᠢᠭᠤᠨ ᠤ ᠬᠡᠪᠴᠢᠶᠡᠨ ᠳᠠᠬᠢ ᠪᠠᠶᠢᠭᠠᠯᠢᠯᠢᠭ ᠬᠠᠳᠤᠯᠠᠩ ᠤᠨ ᠲᠠᠯᠠᠪᠠᠶ ᠶᠢᠨ ᠡᠪᠡᠰᠦ ᠬᠠᠳᠤᠬᠤ | ᠠᠵᠢᠯ ᠢ 8 ᠰᠠᠷ᠎ᠠ ᠶᠢᠨ 25 ᠤ ᠡᠳᠦᠷ ᠠᠴᠠ ᠨᠢᠭᠡᠳᠦᠯᠲᠡᠶ ᠡᠬᠢᠯᠡᠬᠦᠯᠦᠨ᠎ᠡ᠃ | 2. ᠬᠠᠳᠤᠯᠠᠩ ᠳᠤ ᠭᠠᠷᠬᠤ ᠳᠠᠭᠠᠨ 300 ᠮᠧᠲᠷ ᠬᠠᠳᠤᠬᠤ ᠪᠦᠷᠢ ᠳᠤ 20 ᠮᠧᠲᠷ ᠥᠷᠭᠡᠨ ᠡᠪᠡᠰᠦᠨ ᠤ | ᠦᠷ᠎ᠡ ᠶᠢᠨ ᠪᠦᠰᠡ ᠦᠯᠡᠳᠡᠭᠡᠵᠦ᠂ 300 ᠮᠧᠲᠷ ᠠᠴᠠ ᠪᠠᠭ᠎ᠠ ᠬᠠᠳᠤᠯᠠᠩ ᠳᠤ 15᠄ 1 ᠶᠢᠨ ᠪᠠᠷᠢᠮᠵᠢᠶ᠎ᠠ ᠪᠠᠷ | ᠡᠪᠡᠰᠦᠨ ᠤ ᠦᠷ᠎ᠡ ᠶᠢᠨ ᠪᠦᠰᠡ ᠦᠯᠡᠳᠡᠭᠡᠬᠦ ᠭᠡᠷᠡᠭᠳᠡᠢ ︵ᠳᠠᠷᠤᠢ 15 ᠮᠧᠲᠷ ᠪᠦᠷᠢ ᠳᠤ 1 ᠮᠧᠲᠷ ᠥᠷᠭᠡᠨ | ᠡᠪᠡᠰᠦᠨ ᠤ ᠦᠷ᠎ᠡ ᠶᠢᠨ ᠪᠦᠰᠡ ᠦᠯᠡᠳᠡᠭᠡᠨ᠎ᠡ︶ ᠂ ᠡᠬᠦᠨ ᠤ ᠬᠠᠮᠳᠤ ᠡᠪᠡᠰᠦᠨ ᠤ ᠶᠤᠵᠤᠭᠤᠷ ᠢ ᠠᠳᠠᠭ ᠲᠠᠭᠠᠨ | 6 ᠰᠡᠨᠲ᠋ᠢᠮᠧᠲᠷ ᠦᠨᠳᠦᠷ ᠦᠯᠡᠳᠡᠭᠡᠬᠦ ᠭᠡᠷᠡᠭᠳᠡᠢ᠃ ᠤᠷᠭᠤᠮᠠᠯ ᠤᠨ ᠬᠤᠴᠢᠯᠭ᠎ᠠ ᠶᠢᠨ ᠳᠤᠮᠳᠠᠴᠢ ᠪᠦᠷᠬᠦᠴᠡ ᠶᠢᠨ | ᠬᠡᠮᠵᠢᠶ᠎ᠡ ᠨᠢ 30% ᠠᠴᠠ ᠳᠣᠷᠣᠭᠰᠢ᠂ ᠡᠪᠡᠰᠦᠨ ᠤ ᠤᠷᠭᠤᠯᠳᠠ ᠶᠢᠨ ᠳᠤᠮᠳᠠᠴᠢ ᠬᠡᠮᠵᠢᠶ᠎ᠡ ᠨᠢ 15 | ᠰᠡᠨᠲ᠋ᠢᠮᠧᠲᠷ ᠠᠴᠠ ᠳᠣᠷᠣᠭᠰᠢ ᠪᠤᠶᠤ ᠬᠠᠭᠤᠷᠠᠶ ᠡᠪᠡᠰᠦᠨ ᠤ ᠮᠦ ᠪᠦᠷᠢ ᠶᠢᠨ ᠤᠨᠠᠯᠲᠠ ᠨᠢ 30 ᠺᠢᠯᠣᠭ᠍ᠷᠠᠮ ᠠᠴᠠ | ᠪᠠᠭ᠎ᠠ ᠬᠠᠳᠤᠯᠠᠩ ᠤᠨ ᠲᠠᠯᠠᠪᠠᠢ ᠳᠤ ᠡᠪᠡᠰᠦ ᠬᠠᠳᠤᠬᠤ ᠶᠢ ᠴᠠᠭᠠᠵᠠᠯᠠᠨ᠎ᠠ᠃ | 3. ᠡᠪᠡᠰᠦ ᠬᠠᠮᠤᠬᠤ ᠳᠠᠭᠠᠨ ᠨᠢᠴᠦᠬᠦᠷᠡᠳᠡᠯᠡ ᠬᠠᠮᠤᠬᠤ ᠶᠢ ᠴᠠᠭᠠᠵᠠᠯᠠᠨ᠂ ᠨᠤᠳᠤᠭ ᠪᠡᠯᠴᠢᠭᠡᠷ ᠲᠤ ᠠᠰᠢᠭᠳᠠᠢ | ᠰᠢᠨ᠎ᠡ ᠮᠠᠶ᠋ᠢᠭ ᠤᠨ ᠬᠠᠳᠤᠵᠤ ᠬᠠᠮᠤᠬᠤ ᠮᠠᠰᠢᠨ ᠲᠦᠬᠦᠭᠡᠷᠦᠮᠵᠢ ᠶᠢ ᠭᠡᠷᠡᠭᠯᠡᠵᠦ᠂ ᠬᠦᠷᠦᠰᠦ ᠰᠢᠷᠤᠢ ᠶᠢ ᠪᠦᠲᠦᠮᠵᠢᠲᠡᠶ | ᠬᠠᠮᠠᠭᠠᠯᠠᠨ᠂ ᠨᠤᠲᠤᠭ ᠪᠡᠯᠴᠢᠭᠡᠷ ᠮᠠᠭᠤᠳᠠᠵᠤ ᠡᠯᠡᠰᠦᠷᠭᠡᠭᠵᠢᠬᠦ ᠠᠴᠠ ᠰᠡᠷᠭᠡᠶᠢᠯᠡᠬᠦ ᠬᠡᠷᠡᠭᠲᠡᠶ᠃ | 4. ᠬᠤᠰᠢᠭᠤ᠂ ᠰᠤᠮᠤ᠂ ᠭᠠᠴᠠᠭ᠎ᠠ ᠭᠤᠷᠪᠠᠨ ᠱᠠᠲᠤᠨ ᠤ ᠬᠢᠨᠠᠨ ᠬᠠᠮᠢᠶᠠᠷᠬᠤ ᠬᠠᠷᠢᠭᠤᠴᠠᠯᠭ᠎ᠠ ᠶᠢᠨ ᠳᠦᠷᠢᠮ ᠢ | ᠴᠢᠩᠭ᠎ᠠ ᠨᠠᠶᠢᠳᠠᠪᠤᠷᠢᠵᠢᠭᠤᠯᠵᠤ᠂ ᠡᠬᠦᠷᠭᠡ ᠬᠠᠷᠢᠭᠤᠴᠠᠯᠭ᠎ᠠ ᠶᠢ ᠱᠠᠲᠤ ᠱᠠᠲᠤ ᠪᠠᠷ ᠨᠢᠮᠪᠠᠢ ᠬᠤᠪᠢᠶᠠᠷᠢᠯᠠᠨ᠎ᠠ᠃ | 5. ᠭᠦᠨᠪᠤᠯᠠᠭ ᠰᠤᠮᠤ ᠨᠢ ᠮᠠᠯᠴᠢᠨ ᠡᠷᠦᠬᠡ ᠶᠢᠨ ᠬᠠᠳᠤᠯᠠᠩ ᠤᠨ ᠲᠠᠯᠠᠪᠠᠢ ᠪᠠ ᠰᠢᠯᠵᠢᠬᠦᠯᠦᠯᠳᠡ ᠶᠢᠨ ᠪᠠᠶᠢᠳᠠᠯ | ᠵᠡᠷᠭᠡ ᠶᠢ ᠨᠠᠷᠢᠨ ᠨᠢᠮᠪᠠᠢ ᠬᠠᠷᠭᠤᠭᠤᠯᠤᠨ ᠪᠦᠷᠢᠳᠬᠡᠵᠦ᠂ ᠨᠤᠲᠤᠭ ᠪᠡᠯᠴᠢᠭᠡᠷ ᠲᠦᠷᠢᠶᠡᠰᠦᠯᠡᠭᠰᠡᠨ ᠬᠦᠮᠦᠨ ᠤ | ᠣᠪᠣᠭ ᠨᠡᠷ᠎ᠡ᠂ ᠡᠪᠡᠰᠦ ᠬᠠᠳᠤᠬᠤ ᠴᠠᠭ᠂ ᠡᠪᠡᠰᠦ ᠬᠠᠳᠤᠬᠤ ᠠᠷᠭ᠎ᠠ ᠬᠡᠯᠪᠡᠷᠢ ᠶᠢ ᠣᠨᠣᠪᠴᠢᠲᠠᠶ ᠡᠵᠡᠮᠰᠢᠨ᠂ | ᠲᠤᠭ᠎ᠠ ᠪᠠᠷᠢᠮᠳᠠ ᠶᠢ ᠲᠣᠳᠣᠷᠬᠠᠢ ᠪᠠᠶᠢᠯᠭᠠᠬᠤ ᠬᠡᠷᠡᠭᠲᠡᠢ᠃ ᠡᠭᠦᠨ ᠤ ᠬᠠᠮᠲᠤ᠂ ᠮᠠᠯᠴᠢᠨ ᠡᠷᠦᠬᠡ ᠪᠠ ᠡᠪᠡᠰᠦ | ᠬᠠᠳᠤᠬᠤ ᠠᠵᠤ ᠠᠬᠤᠶᠢᠯᠠᠯ ᠯᠤᠭ᠎ᠠ ᠡᠪᠡᠰᠦ ᠬᠠᠳᠤᠬᠤ ᠬᠠᠷᠢᠭᠤᠴᠠᠯᠭ᠎ᠠ ᠶᠢᠨ ᠭᠡᠷ᠎ᠡ᠂ ᠭᠠᠯ ᠰᠡᠷᠭᠡᠶᠢᠯᠡᠬᠦ | ᠬᠠᠷᠢᠭᠤᠴᠠᠯᠭ᠎ᠠ ᠶᠢᠨ ᠭᠡᠷ᠎ᠡ ᠲᠤᠭᠳᠠᠵᠤ᠂ ᠬᠤᠰᠢᠭᠤᠨ ᠤ ᠣᠶ ᠰᠢᠭᠤᠶ ᠨᠤᠲᠤᠭ ᠪᠡᠯᠴᠢᠭᠡᠷ ᠤᠨ ᠲᠣᠪᠴᠢᠶ᠎ᠠ ᠲᠠᠢ | ᠬᠠᠮᠵᠢᠯᠴᠠᠨ ᠬᠠᠳᠤᠯᠠᠩ ᠤᠨ ᠲᠠᠯᠠᠪᠠᠢ ᠶᠢ ᠪᠠᠶᠢᠩᠭᠤ ᠲᠣᠭᠤᠷᠢᠨ ᠪᠠᠶᠢᠴᠠᠭᠠᠵᠦ᠂ ᠬᠠᠳᠤᠯᠠᠩ ᠤᠨ ᠠᠵᠢᠯ ᠤᠨ | ᠤᠷᠤᠭᠰᠢᠲᠠᠶ ᠶᠠᠪᠤᠭᠳᠠᠬᠤ ᠶᠢ ᠪᠠᠲᠤᠯᠠᠬᠤ ᠬᠡᠷᠡᠭᠲᠡᠶ᠃ | 6. ᠲᠡᠭᠡᠷ᠎ᠡ ᠲᠤᠷᠠᠳᠤᠭᠰᠠᠨ ᠬᠠᠮᠢᠶ᠎ᠠ ᠪᠦᠬᠦᠢ ᠲᠦᠷᠢᠮ ᠲᠣᠭᠲᠠᠭᠠᠯ ᠢ ᠵᠦᠷᠢᠴᠡᠪᠡᠯ᠂ ︽ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠮᠠᠯ ᠪᠡᠯᠴᠢᠭᠡᠷ ᠤᠨ ᠲᠡᠩᠴᠡᠭᠦᠷᠢ ᠶᠢ ᠪᠠᠳᠤᠯᠠᠬᠤ ᠪᠠ ᠪᠡᠯᠴᠢᠭᠡᠷ ᠰᠡᠷᠬᠦᠬᠡᠵᠦ | ᠪᠡᠯᠴᠢᠭᠡᠷᠯᠡᠭᠦᠯᠬᠦ ᠶᠢ ᠴᠠᠭᠠᠵᠠᠯᠠᠬᠤ ᠳᠦᠷᠢᠮ︾ ᠤᠨ ᠭᠤᠴᠢᠨ ᠭᠤᠷᠪᠠᠳᠤᠭᠠᠷ ᠵᠤᠷᠪᠤᠰ ᠶᠤᠰᠤᠭᠠᠷ᠂ ᠮᠦ ᠪᠦᠷᠢ ᠶᠢᠨ | 200 ᠲᠥᠭᠦᠷᠢᠭ ᠠᠴᠠ 500 ᠲᠥᠭᠦᠷᠢᠭ ᠤᠨ ᠲᠤᠷᠭᠠᠭᠤᠯᠢ ᠰᠢᠳᠭᠡᠯ ᠤᠯᠭᠤᠨ᠎ᠠ᠃ | 7. ᠡᠪᠡᠰᠦ ᠬᠠᠳᠤᠬᠤ ᠲᠤᠰᠬᠠᠶ ᠠᠩᠭᠢ᠂ ᠡᠪᠡᠰᠦᠨ ᠤ ᠦᠢᠯᠡᠰ ᠤᠨ ᠡᠵᠡᠩᠨᠡᠯᠲᠡ ᠶᠢᠨ ᠭᠤᠤᠯ ᠴᠣᠭᠴᠠ ᠵᠡᠷᠭᠡ | ᠠᠷᠠᠯᠵᠢᠶᠠᠨ ᠤ ᠬᠡᠯᠪᠡᠷᠢᠳᠦ ᠡᠪᠡᠰᠦ ᠬᠠᠳᠤᠬᠤ ᠦᠢᠯᠡ ᠠᠵᠢᠯᠯᠠᠭ᠎ᠠ ᠶᠢ ᠬᠢᠨᠠᠨ ᠬᠠᠮᠢᠶᠠᠷᠬᠤ ᠡᠷᠴᠢᠮ ᠢᠶᠠᠨ | ᠴᠢᠩᠭᠠᠷᠠᠭᠤᠯᠵᠤ᠂ ᠬᠠᠤᠯᠢ ᠲᠦᠷᠢᠮ ᠢ ᠴᠢᠩᠭ᠎ᠠ ᠭᠡᠷᠡᠭᠵᠢᠬᠦᠯᠦᠨ᠂ ᠪᠤᠯᠢᠶᠠᠯᠭ᠎ᠠ ᠶᠢᠨ ᠬᠡᠯᠪᠡᠷᠢ ᠪᠠᠷ ᠡᠵᠡᠩᠨᠡᠬᠦ ᠶᠢ | ᠰᠡᠷᠭᠡᠶᠢᠯᠡᠬᠦ ᠭᠡᠷᠡᠭᠳᠡᠢ᠃ ᠡᠪᠡᠰᠦ ᠬᠠᠳᠤᠬᠤ ᠲᠡᠷᠭᠡ ᠬᠥᠰᠬᠡ ᠨᠦᠭᠦᠳ ᠲᠤᠷ᠎ᠠ ᠪᠠᠷ ᠢᠶᠠᠨ ᠲᠠᠪᠬᠢᠯᠳᠤᠨ ᠨᠤᠲᠤᠭ | ᠪᠡᠯᠴᠢᠭᠡᠷ ᠢ ᠲᠠᠷᠤᠵᠤ ᠤᠷᠭᠤᠮᠠᠯ ᠤᠨ ᠪᠦᠷᠬᠦᠴᠡ ᠶᠢ ᠡᠪᠳᠡᠵᠦ ᠪᠤᠯᠬᠤ ᠦᠬᠡᠢ᠃ ᠡᠪᠡᠰᠦ ᠲᠡᠭᠡᠭᠡᠬᠦ | ᠬᠤᠭᠤᠴᠠᠭᠠᠨ ᠳᠤ ᠲᠣᠮᠣ ᠬᠡᠯᠪᠡᠷᠢ ᠶᠢᠨ ᠲᠡᠭᠡᠭᠡᠪᠦᠷᠢ ᠶᠢᠨ ᠲᠡᠷᠭᠡ ᠬᠥᠰᠬᠡ ᠬᠠᠳᠤᠯᠠᠩ ᠤᠨ ᠲᠠᠯᠠᠪᠠᠢ ᠳᠤ ᠣᠷᠣᠬᠤ ᠶᠢ | ᠡᠷᠡᠰ ᠴᠠᠭᠠᠵᠠᠯᠠᠨ᠎ᠠ᠂ ᠲᠣᠭᠲᠠᠭᠰᠠᠨ ᠭᠠᠵᠠᠷ ᠲᠤ ᠨᠢᠬᠡᠳᠭᠡᠨ ᠤᠪᠤᠭᠠᠯᠠᠵᠤ ᠪᠠᠶᠢᠭᠠᠳ ᠲᠡᠭᠡᠭᠡᠬᠦ ᠭᠡᠷᠡᠭᠳᠡᠢ᠂ | ᠭᠠᠵᠠᠷ ᠤᠨ ᠪᠠᠶᠢᠴᠠ ᠶᠢ ᠦᠨᠳᠦᠰᠦᠯᠡᠵᠦ ᠪᠠᠶᠢᠭᠠᠳ ᠡᠪᠡᠰᠦ ᠤᠪᠤᠭᠠᠯᠠᠬᠤ ᠭᠠᠵᠠᠷ ᠢ ᠬᠠᠳᠤᠯᠠᠩ ᠤᠨ ᠬᠥᠪᠡᠭᠡ | ᠵᠠᠬ᠎ᠠ ᠪᠠᠷ ᠪᠠᠶᠢᠷᠢᠯᠠᠭᠤᠯᠤᠨ᠎ᠠ᠃ | 8. ᠬᠠᠳᠤᠯᠠᠩ ᠤᠨ ᠲᠠᠯᠠᠪᠠᠶ ᠶᠢ ᠲᠠᠭᠠᠭᠠᠴᠢᠯᠠᠨ ᠡᠵᠡᠩᠨᠡᠭᠰᠡᠨ ᠲᠠᠯ᠎ᠠ ᠨᠢ ᠲᠡᠭᠡᠷ᠎ᠡ ᠲᠤᠷᠠᠳᠤᠭᠰᠠᠨ ᠬᠠᠮᠢᠶ᠎ᠠ | ᠪᠦᠬᠦᠢ ᠲᠦᠷᠢᠮ ᠲᠣᠭᠲᠠᠭᠠᠯ ᠢ ᠭᠡᠷᠡᠭᠵᠢᠬᠦᠯᠬᠦ ᠦᠬᠡᠢ ᠪᠤᠯ ᠬᠠᠳᠤᠯᠠᠩ ᠤᠨ ᠲᠠᠯᠠᠪᠠᠶ ᠪᠠᠨ ᠲᠠᠭᠠᠭᠠᠴᠢᠯᠠᠭᠤᠯᠤᠭᠰᠠᠨ | ᠡᠷᠦᠬᠡ ᠶᠢᠨ ᠲᠤᠬᠠᠶ ᠶᠢᠨ ᠵᠢᠯ ᠤᠨ ᠠᠮᠢ ᠠᠬᠤᠢ ᠶᠢᠨ ᠬᠠᠮᠠᠭᠠᠯᠠᠯᠳᠠ ᠶᠢᠨ ᠨᠥᠬᠦᠪᠥᠷᠢ ᠱᠠᠩᠨᠠᠯ ᠢ ᠤᠯᠭᠤᠬᠤ ᠦᠬᠡᠢ᠃ | | 9. ᠡᠪᠡᠰᠦ ᠬᠠᠳᠤᠵᠤ ᠬᠤᠷᠢᠶᠠᠬᠤ ᠬᠤᠭᠤᠴᠠᠭᠠᠨ ᠳᠤ ᠭᠡᠭᠡᠷ᠎ᠡ ᠭᠠᠳᠠᠨ᠎ᠠ ᠭᠠᠯ ᠭᠡᠷᠡᠭᠯᠡᠬᠦ ᠶᠢ ᠴᠡᠭᠡᠷᠯᠡᠵᠦ᠂ | ᠬᠠᠳᠤᠵᠤ ᠬᠤᠷᠢᠶᠠᠬᠤ ᠮᠠᠰᠢᠨ ᠲᠷᠠᠺᠲ᠋ᠤᠷ᠂ ᠲᠡᠭᠡᠭᠡᠵᠦ ᠵᠥᠭᠡᠭᠡᠪᠦᠷᠢᠯᠡᠬᠦ ᠲᠡᠷᠭᠡ ᠬᠦᠰᠭᠡᠨ ᠳᠤ ᠪᠦᠷ ᠭᠠᠯ | ᠰᠡᠷᠭᠡᠶᠢᠯᠡᠬᠦ ᠲᠥᠬᠦᠭᠡᠷᠦᠮᠵᠢ ᠶᠢ ᠤᠬᠰᠠᠷᠠᠨ᠂ ᠭᠠᠯ ᠠᠯᠳᠠᠬᠤ ᠠᠴᠠ ᠴᠢᠩᠭ᠎ᠠ ᠰᠡᠷᠭᠡᠢᠯᠡᠬᠦ ᠬᠡᠷᠡᠭᠲᠡᠢ᠃ ᠬᠡᠭᠡᠷ᠎ᠡ | ᠭᠠᠳᠠᠨ᠎ᠠ ᠭᠠᠯ ᠬᠡᠷᠡᠭᠯᠡᠬᠦ ᠴᠢᠬᠤᠯᠠᠳᠠᠢ ᠪᠤᠯ ᠡᠷᠬᠡᠪᠰᠢ ᠲᠤᠰᠬᠠᠢ ᠬᠥᠮᠥᠨ ᠢᠶᠠᠷ ᠬᠠᠮᠢᠶᠠᠷᠤᠭᠤᠯᠤᠨ᠎ᠠ᠂ ᠦᠢᠯᠡᠳᠪᠦᠷᠢᠯᠡᠯ | ᠠᠮᠢᠳᠤᠷᠠᠯ ᠳᠤ ᠬᠡᠷᠡᠭᠯᠡᠬᠦ ᠭᠠᠯ ᠪᠤᠯ ᠪᠦᠷ ᠭᠡᠷ ᠳᠣᠲᠤᠷ᠎ᠠ ︵ᠪᠢᠳᠡᠭᠦᠮᠵᠢᠯᠡᠭᠰᠡᠨ ᠲᠠᠯᠠᠪᠤᠷ ᠭᠠᠵᠠᠷ︶ ᠨᠤᠴᠤᠭᠠᠬᠤ | ᠬᠡᠷᠡᠭᠲᠡᠢ᠃ | 10. ᠭᠦᠨᠪᠤᠯᠠᠭ ᠰᠤᠮᠤ ᠨᠢ ᠳᠠᠷᠦ᠋ᠢᠬᠠᠨ ᠺᠠᠳ᠋ᠷ ᠠᠵᠢᠯᠳᠠᠳ ᠢ ᠵᠤᠬᠢᠶᠠᠨ ᠪᠠᠶᠢᠭᠤᠯᠵᠤ ᠡᠪᠡᠰᠦ ᠬᠠᠳᠤᠬᠤ ᠠᠵᠤ | ᠠᠬᠤᠶᠢᠯᠠᠯ ᠪᠠ ᠮᠠᠯᠴᠢᠨ ᠡᠷᠦᠬᠡ ᠳᠤ ᠭᠦᠨᠵᠡᠭᠡᠶᠢᠷᠡᠨ᠂ ᠮᠡᠳᠡᠭᠳᠡᠯ ᠤᠨ ᠪᠢᠴᠢᠭ ᠪᠠ ᠲᠤᠳᠤᠷᠬᠠᠶᠢᠯᠠᠯ ᠤᠨ ᠺᠠᠷᠲ ᠶᠢ | ᠲᠠᠷᠬᠠᠭᠠᠵᠤ᠂ ᠪᠣᠳᠠᠲᠠᠶ ᠴᠠᠭ ᠤᠨ ᠱᠠᠭᠠᠷᠳᠠᠯᠭ᠎ᠠ ᠪᠠ ᠳᠦᠷᠢᠮ ᠲᠣᠭᠲᠠᠭᠠᠯ ᠢ ᠮᠡᠳᠡᠭᠳᠡᠬᠦ ᠬᠡᠷᠡᠭᠲᠡᠶ᠃ ᠡᠭᠦᠨ ᠤ | ᠬᠠᠮᠲᠤ ᠵᠠᠭᠤᠴᠢᠯᠠᠭᠤᠷ ᠢ ᠭᠦᠢᠴᠡᠳ ᠠᠰᠢᠭᠯᠠᠨ᠂ ᠬᠠᠳᠤᠯᠠᠩ ᠤᠨ ᠲᠠᠯᠠᠪᠠᠢ ᠶᠢ ᠴᠢᠩᠭ᠎ᠠ ᠬᠠᠮᠠᠭᠠᠯᠠᠵᠤ | ᠬᠠᠮᠢᠶᠠᠷᠬᠤ ᠶᠢᠨ ᠴᠢᠬᠤᠯᠠ ᠴᠢᠨᠠᠷ ᠪᠠ ᠬᠠᠮᠢᠶ᠎ᠠ ᠪᠦᠬᠦᠢ ᠬᠠᠤᠯᠢ ᠲᠦᠷᠢᠮ ᠢ ᠥᠷᠭᠡᠨ ᠢᠶᠠᠷ ᠤᠬᠠᠭᠤᠯᠬᠤ ᠬᠡᠷᠡᠭᠲᠡᠢ᠃ | | ᠬᠠᠳᠤᠯᠠᠩ ᠤᠨ ᠬᠤᠭᠤᠴᠠᠭᠠᠨ ᠳᠠᠬᠢ ᠬᠢᠨᠠᠯᠲᠠ ᠲᠠᠯᠪᠢᠵᠤ ᠢᠯᠡᠴᠢᠯᠡᠨ ᠮᠡᠳᠡᠭᠦᠯᠬᠦ ᠤᠲᠠᠰᠤ᠄ | ᠲᠠᠶᠢᠹᠤᠰᠧ ᠬᠤᠰᠢᠭᠤᠨ ᠤ ᠣᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶ᠎ᠠ 0479 - 5222413 | ᠬᠦᠨᠪᠤᠯᠠᠭ ᠰᠤᠮᠤᠨ ᠤ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠲᠣᠪᠴᠢᠶ᠎ᠠ 0479 - | 5887015 | | ᠲᠠᠶᠢᠹᠤᠰᠧ ᠬᠤᠰᠢᠭᠤᠨ ᠤ ᠠᠷᠠᠳ ᠤᠨ ᠵᠠᠰᠠᠭ ᠤᠨ ᠣᠷᠳᠣᠨ | 2024 ᠣᠨ ᠤ 8 ᠰᠠᠷ᠎ᠠ ᠶᠢᠨ 16 ᠤ ᠡᠳᠦᠷ |