ᠲᠠᠶᠢᠹᠤᠰᠧ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠤᠪᠴᠢᠶ᠎ᠠ ᠨᠢ ᠬᠤᠩ ᠴᠢ ᠪᠠᠯᠭᠠᠰᠤᠨ ᠤ ᠰᠢᠦᠢ | ᠵᠢᠶᠦ᠋ᠨ᠂ ᠰᠥᠩ ᠵᠢᠶᠠ ᡁᠢ ᠵᠡᠷᠭᠡ ᠬᠥᠮᠦᠰ ᠤᠨ ᠬᠦᠮᠦᠨ ᠴᠤᠭᠯᠠᠭᠤᠯᠵᠤ ᠮᠦᠷᠦᠢ ᠲᠠᠢ ᠲᠤᠭᠯᠠᠭᠠᠮ ᠬᠢᠭᠰᠡᠨ ᠬᠡᠷᠡᠭ | ᠢ ᠪᠠᠶᠢᠴᠠᠭᠠᠨ ᠢᠯᠡᠷᠡᠬᠦᠯᠦᠭᠡᠳ᠂ ᠭᠡᠷᠡᠭᠳᠡᠨ ᠰᠢᠤᠢ ᠵᠢᠶᠦ᠋ᠨ᠂ ᠰᠥᠩ ᠵᠢᠶᠠ ᡁᠢ ᠶᠢ ᠨᠢᠬᠡᠨᠳᠡ ᠬᠠᠤᠯᠢ ᠶᠤᠰᠤᠭᠠᠷ | ᠪᠠᠷᠢᠪᠴᠢᠯᠠᠵᠠᠢ᠃ ᠰᠢᠤᠢ ᠵᠢᠶᠦ᠋ᠨ᠂ ᠰᠥᠩ ᠵᠢᠶᠠ ᡁᠢ ᠶᠢᠨ ᠬᠠᠤᠯᠢ ᠵᠥᠷᠢᠴᠡᠵᠦ ᠶᠠᠯ᠎ᠠ ᠬᠢᠭᠰᠡᠨ ᠪᠣᠳᠠᠲᠤ ᠶᠠᠪᠤᠳᠠᠯ ᠢ | ᠲᠦᠢᠯᠪᠤᠷᠢᠲᠠᠶ ᠪᠠᠶᠢᠴᠠᠭᠠᠨ ᠲᠣᠳᠣᠯᠠᠬᠤ ᠶᠢᠨ ᠲᠥᠯᠥᠭᠡ ᠡᠳᠦᠬᠡ ᠨᠡᠶᠢᠭᠡᠮ ᠨᠡᠶᠢᠲᠡ ᠠᠴᠠ ᠰᠢᠤᠢ ᠵᠢᠶᠦ᠋ᠨ᠂ ᠰᠥᠩ | ᠵᠢᠶᠠ ᡁᠢ ᠶᠢᠨ ᠬᠠᠤᠯᠢ ᠵᠥᠷᠢᠴᠡᠵᠦ ᠶᠠᠯ᠎ᠠ ᠬᠢᠭᠰᠡᠨ ᠰᠦᠪᠡᠭᠴᠢ ᠶᠢ ᠢᠯᠡ ᠪᠠᠷ ᠴᠤᠭᠯᠠᠭᠤᠯᠵᠤ ᠪᠤᠢ᠃ | ᠨᠢᠭᠡ᠂ ᠰᠢᠤᠢ ᠵᠢᠶᠦ᠋ᠨ᠂ ᠰᠥᠩ ᠵᠢᠶᠠ ᡁᠢ ᠶᠢᠨ ᠬᠠᠤᠯᠢ ᠵᠥᠷᠢᠴᠡᠵᠦ ᠶᠠᠯ᠎ᠠ ᠬᠢᠭᠰᠡᠨ ᠰᠦᠪᠡᠭᠴᠢ ᠶᠢ ᠮᠡᠳᠡᠬᠦ | ᠬᠤᠤᠷᠯᠠᠯ ᠠᠮᠰᠠᠭᠴᠢ ᠪᠤᠶᠤ ᠪᠤᠰᠤᠳ ᠬᠦᠮᠦᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠢᠳᠡᠪᠬᠢᠲᠡᠶ ᠪᠠᠷ | ᠢᠯᠡᠴᠢᠯᠡᠨ ᠮᠡᠳᠡᠭᠦᠯᠬᠦ ᠶᠢᠨ ᠬᠠᠮᠲᠤ ᠬᠤᠯᠪᠣᠭᠳᠠᠯ ᠪᠦᠬᠦᠢ ᠰᠦᠪᠡᠭᠴᠢ ᠪᠤᠶᠤ ᠭᠡᠷᠡᠴᠢ ᠪᠠᠷᠢᠮᠲᠠ ᠶᠢ ᠬᠠᠩᠭᠠᠬᠤ | ᠪᠤᠯᠪᠠᠤ᠃ | ᠬᠤᠶᠠᠷ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠨ ᠨᠢᠭᠤᠴᠠ ᠶᠢ ᠴᠢᠩᠭ᠎ᠠ ᠬᠠᠮᠠᠭᠠᠯᠠᠵᠤ᠂ | ᠢᠯᠡᠴᠢᠯᠡᠨ ᠮᠡᠳᠡᠭᠦᠯᠦᠭᠴᠢ᠂ ᠬᠤᠤᠷᠯᠠᠯ ᠠᠮᠰᠠᠭᠴᠢ ᠪᠠ ᠭᠡᠷᠡᠴᠢᠯᠡᠭᠴᠢ ᠶᠢᠨ ᠡᠷᠬᠡ ᠠᠰᠢᠭ ᠢ ᠬᠠᠤᠯᠢ ᠶᠣᠰᠣᠭᠠᠷ | ᠪᠠᠲᠤᠯᠠᠨ᠎ᠠ᠃ ᠬᠠᠤᠯᠢ ᠵᠥᠷᠢᠴᠡᠭᠰᠡᠨ ᠶᠠᠯᠠᠲᠤ ᠡᠲᠡᠭᠡᠳ ᠢ ᠥᠮᠥᠭᠯᠡᠨ ᠬᠠᠮᠠᠭᠠᠯᠠᠪᠠᠯ ᠬᠠᠤᠯᠢ ᠶᠣᠰᠣᠭᠠᠷ ᠡᠷᠡᠭᠦᠦ ᠶᠢᠨ | ᠬᠠᠷᠢᠭᠤᠴᠠᠯᠭ᠎ᠠ ᠨᠡᠬᠡᠮᠵᠢᠯᠡᠵᠦ᠂ ᠢᠯᠡᠴᠢᠯᠡᠨ ᠮᠡᠳᠡᠭᠦᠯᠦᠭᠴᠢ᠂ ᠬᠤᠤᠷᠯᠠᠯ ᠠᠮᠰᠠᠭᠴᠢ ᠪᠠ ᠭᠡᠷᠡᠴᠢᠯᠡᠭᠴᠢ ᠳᠤ ᠦᠰ | ᠪᠤᠳᠤᠵᠤ ᠲᠡᠳᠡᠨ ᠢ ᠠᠶᠤᠯᠭᠠᠨ ᠰᠦᠷᠳᠡᠬᠦᠯᠦᠭᠰᠡᠨ ᠪᠤᠯ ᠬᠠᠤᠯᠢ ᠶᠣᠰᠣᠭᠠᠷ ᠴᠢᠩᠭ᠎ᠠ ᠪᠠᠶᠢᠴᠠᠭᠠᠨ ᠰᠢᠢᠳᠪᠦᠷᠢᠯᠡᠨ᠎ᠡ᠃ | ᠢᠯᠡᠴᠢᠯᠡᠨ ᠮᠡᠳᠡᠭᠦᠯᠬᠦ ᠤᠲᠠᠰᠤ᠄ 15249558777 16614791519 | 16648994006 |