ᠯᠧᠢ ᠹᠧᠩ ᠠᠴᠠ ᠰᠤᠷᠤᠯᠴᠠᠵᠤ · ᠪᠣᠯᠪᠠᠰᠤᠨ ᠤ ᠦᠢᠯᠡᠳᠦᠯᠭᠡ ᠳᠤ ᠤᠷᠤᠯᠴᠠᠨ᠎ᠠ  —  ᠴᠢᠶᠠᠨ ᠶᠢᠨ ᠭᠧᠦ ᠪᠠᠯᠭᠠᠰᠤᠨ ᠤ ᠬᠢᠨ ︽ᠯᠧᠢ ᠹᠧᠩ ᠠᠴᠠ ᠰᠤᠷᠤᠯᠴᠠᠬᠤ︾  ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/3/6
  3 ᠰᠠᠷ᠎ᠠ ᠶᠢᠨ 5 ᠤ ᠡᠳᠦᠷ᠂ ᠴᠢᠶᠠᠨ ᠶᠢᠨ ᠭᠧᠦ ᠪᠠᠯᠭᠠᠰᠤᠨ ᠤ ᠪᠠᠶᠢᠭᠤᠯᠭ᠎ᠠ ᠶᠢᠨ ᠨᠠᠮ ᠤᠨ ᠡᠭᠦᠷ ᠨᠢ ︽ᠯᠧᠢ ᠹᠧᠩ ᠠᠴᠠ ᠰᠤᠷᠤᠯᠴᠠᠬᠤ︾  ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠶᠢ ᠦᠷᠨᠢᠬᠦᠯᠵᠦ᠂  ᠨᠠᠮ ᠤᠨ ᠡᠭᠦᠷ ᠤᠨ ᠭᠡᠰᠢᠭᠦᠳ  ᠪᠠ ᠪᠠᠯᠭᠠᠰᠤᠨ ᠤ ᠤᠳᠤᠷᠢᠳᠬᠤ ᠪᠠᠭ ᠤᠨ  ᠭᠡᠰᠢᠬᠦᠳ ᠬᠠᠮᠳᠤ ᠳᠠᠭᠠᠨ ︽ᠥᠨᠢᠳᠡ ᠶᠢᠨ ᠯᠧᠢ ᠹᠧᠩ︾ ᠬᠡᠮᠡᠬᠦ ᠪᠠᠷᠢᠮᠲᠠᠲᠤ ᠺᠢᠨᠣ᠋ ᠶᠢ ᠰᠤᠨᠢᠷᠬᠠᠭᠰᠠᠨ ᠪᠠᠶᠢᠨ᠎ᠠ᠃  ᠳᠠᠷᠠᠭ᠎ᠠ ᠨᠢ᠂ ᠨᠠᠮ ᠤᠨ ᠭᠡᠰᠢᠬᠦᠳ ᠪᠠ ᠰᠠᠶᠢᠨ ᠳᠤᠷ᠎ᠠ ᠶᠢᠨ ᠦᠢᠯᠡᠴᠢᠯᠡᠭᠴᠢᠳ ᠵᠡᠭᠡᠯᠢ ᠭᠤᠳᠤᠮᠵᠢ ᠪᠠ ᠵᠠᠮ ᠲᠠᠭᠠᠤ ᠳᠠᠬᠢ  ᠬᠤᠭ ᠨᠣᠪᠰᠢ ᠶᠢ ᠴᠡᠪᠡᠷᠯᠡᠨ ᠠᠷᠢᠯᠭᠠᠭᠰᠠᠨ ᠤ ᠬᠠᠮᠳᠤ᠂ ᠲᠣᠰᠬᠤᠨ ᠤ ᠠᠷᠠᠳ ᠲᠤ ᠠᠵᠢᠯ ᠣᠯᠭᠤᠯᠲᠠ᠂ ᠠᠷᠠᠳ ᠤᠨ ᠶᠠᠪᠤᠳᠠᠯ᠂ ᠨᠡᠶᠢᠭᠡᠮ ᠤᠨ ᠪᠠᠲᠤᠯᠠᠭ᠎ᠠ᠂ ᠰᠤᠷᠭᠠᠨ ᠬᠥᠮᠦᠵᠢᠯ᠂ ᠡᠷᠡᠭᠦᠯ ᠬᠠᠮᠠᠭᠠᠯᠠᠯ ᠵᠡᠷᠭᠡ ᠲᠠᠯ᠎ᠠ ᠶᠢᠨ ᠠᠷᠠᠳ ᠲᠤ ᠠᠰᠢᠭ ᠬᠦᠷᠲᠡᠭᠡᠬᠦ ᠲᠦᠷᠦ ᠶᠢᠨ ᠪᠣᠳᠣᠯᠭ᠎ᠠ ᠶᠢ ᠤᠬᠠᠭᠤᠯᠤᠨ ᠲᠠᠶᠢᠯᠪᠤᠷᠢᠯᠠᠵᠤ᠂  ᠨᠠᠮ ᠤᠨ ᠲᠦᠷᠦ ᠶᠢᠨ ᠪᠣᠳᠣᠯᠭ᠎ᠠ ᠶᠢ ᠲᠠᠨᠢᠭᠤᠯᠤᠨ᠂ ᠨᠠᠮ ᠤᠨ ᠬᠠᠶᠢᠷ᠎ᠠ ᠬᠠᠯᠠᠮᠵᠢ ᠶᠢ ᠳᠠᠮᠵᠢᠭᠤᠯᠪᠠ᠃  ᠡᠨᠡ ᠤᠳᠠᠭᠠᠨ ᠤ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠪᠠᠷ ᠲᠠᠮᠵᠢᠭᠠᠳ᠂  ᠯᠧᠢ ᠹᠧᠩ ᠤᠨ ᠵᠣᠷᠢᠭ ᠰᠠᠨᠠᠭ᠎ᠠ   ᠶᠢ ᠨᠡᠩ ᠢᠯᠡᠭᠦᠦ ᠪᠠᠳᠠᠷᠠᠭᠤᠯᠤᠨ ᠳᠡᠯᠭᠡᠷᠡᠭᠦᠯᠵᠦ ᠂ ᠬᠥᠮᠥᠰ ᠤᠨ ᠰᠡᠳᠬᠢᠯ ᠳᠤ ᠬᠠᠳᠠᠩᠰᠢᠭᠤᠯᠤᠭᠰᠠᠨ ᠢᠶᠠᠷ ᠪᠠᠷᠠᠬᠤ ᠦᠭᠡᠢ ᠪᠠᠰᠠ ᠥᠷᠭᠡᠨ ᠣᠯᠠᠨ ᠨᠠᠮ ᠤᠨ ᠭᠡᠰᠢᠭᠦᠨ ᠺᠠᠳ᠋ᠷᠴᠤᠳ ᠲᠤ ᠨᠢᠬᠡᠨ ᠤᠳᠠᠭᠠᠨ ᠤ ᠠᠮᠢᠳᠤᠯᠢᠭ ᠰᠠᠶᠢᠬᠠᠨ ᠤᠯᠤᠰ ᠲᠥᠷᠥ   ᠶᠢᠨ ᠬᠢᠴᠢᠶᠡᠯ᠂ ᠦᠢᠯᠡᠳᠦᠯᠭᠡ   ᠶᠢᠨ ᠬᠢᠴᠢᠶᠡᠯ ᠢ ᠤᠷᠤᠵᠠᠢ᠃ ᠳᠠᠷᠠᠭᠠᠴᠢ   ᠶᠢᠨ ᠠᠯᠬᠤᠮ ᠳᠤ᠂ ᠴᠢᠶᠠᠨ ᠶᠢᠨ ᠭᠧᠦ ᠪᠠᠯᠭᠠᠰᠤᠨ ᠤ ᠬᠢᠨ ᠯᠧᠢ ᠹᠧᠩ ᠤᠨ ᠵᠣᠷᠢᠭ ᠰᠠᠨᠠᠭ᠎ᠠ   ᠶᠢ ᠦᠷᠭᠦᠯᠵᠢᠯᠡᠨ ᠪᠠᠳᠠᠷᠠᠭᠤᠯᠵᠤ᠂ ᠯᠧᠢ ᠹᠧᠩ   ᠠᠴᠠ ᠰᠤᠷᠤᠯᠴᠠᠬᠤ ᠠᠵᠢᠯᠯᠠᠭ᠎ᠠ   ᠶᠢ ᠡᠳᠦᠷ ᠲᠤᠲᠤᠮ ᠤᠨ ᠠᠵᠢᠯ ᠳᠠᠭᠠᠨ ᠠᠭᠤᠰᠬᠠᠨ ᠣᠷᠣᠭᠤᠯᠵᠤ᠂ ᠯᠧᠢ ᠹᠧᠩ ᠤᠨ ᠵᠣᠷᠢᠭ ᠰᠠᠨᠠᠭᠠᠨ ᠤ ᠴᠠᠭ ᠦᠶ᠎ᠡ   ᠶᠢᠨ ᠠᠭᠤᠯᠬᠤᠨ   ᠢ ᠲᠠᠰᠤᠷᠠᠯᠲᠠ ᠦᠭᠡᠢ ᠪᠠᠶᠠᠯᠢᠭᠵᠢᠭᠤᠯᠤᠨ᠂ ᠪᠦᠬᠦ ᠨᠠᠮ ᠤᠨ ᠭᠡᠰᠢᠭᠦᠳ ᠤᠨ ᠡᠭᠡᠯ ᠵᠢᠷ ᠤᠨ ᠠᠵᠢᠯ ᠤᠨ ᠪᠠᠶᠢᠷᠢᠨ ᠳᠤ ᠶᠡᠷᠦ ᠪᠤᠰᠤ   ᠶᠢᠨ ᠠᠮᠵᠢᠯᠲᠠ ᠪᠦᠲᠦᠮᠵᠢ ᠭᠠᠷᠭᠠᠬᠤ ᠶᠢ ᠲᠠᠶᠢᠴᠢᠯᠠᠵᠤ᠂ ᠰᠠᠶᠢᠨ ᠳᠤᠷ᠎ᠠ  ᠶᠢᠨ ᠦᠢᠯᠡᠴᠢᠯᠡᠭᠡ ᠳᠤ ᠬᠦᠮᠦᠨ ᠪᠦᠬᠦᠨ ᠤᠷᠤᠯᠴᠠᠬᠤ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠤᠯᠭᠠᠬᠤ ᠪᠠᠷ ᠪᠠᠶᠢᠨ᠎ᠠ᠃
 
ᠢᠷᠡᠯᠲᠡ᠄ ᠴᠢᠶᠠᠨ ᠶᠢᠨ ᠭᠸᠦ ᠪᠠᠯᠭᠠᠰᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号