ᠤᠯᠤᠰ ᠤᠨ ᠡᠷᠡᠬᠦᠯ ᠮᠡᠨᠳᠤ ᠶᠢᠨ ᠵᠦᠪᠯᠡᠯ ᠠᠴᠠ ᠳᠤᠤᠷ᠎ᠠ ᠲᠦᠭᠰᠢᠬᠦᠷᠢ ᠲᠠᠢ ᠭᠠᠵᠠᠷ ᠤᠷᠤᠨ ᠤ ᠵᠤᠨ ᠤ | ᠤᠯᠠᠷᠢᠯ ᠳᠠᠬᠢ ᠬᠢᠵᠢᠭ ᠢ ᠰᠡᠷᠭᠡᠶᠢᠯᠡᠨ ᠡᠷᠬᠡᠰᠢᠶᠡᠬᠦ ᠰᠠᠨᠠᠭᠤᠯᠤᠮᠵᠢ ᠶᠢ ᠨᠡᠶᠢᠳᠡᠯᠡᠵᠡᠢ᠃ ᠡᠬᠦᠨ ᠳᠤ ᠬᠡᠷᠡᠭᠯᠡᠭᠴᠢᠳ | ᠪᠤᠯᠤᠨ ᠢᠳᠡᠭᠡᠨ ᠤ ᠲᠦᠷᠦᠯ ᠢ ᠡᠵᠡᠩᠨᠡᠭᠰᠡᠳ ᠤᠨ ᠬᠢᠵᠢᠭ ᠢ ᠰᠡᠷᠭᠡᠶᠢᠯᠡᠬᠦ ᠱᠠᠭᠠᠷᠳᠠᠯᠭ᠎ᠠ ᠶᠢ ᠳᠤᠷᠠᠳᠴᠠᠢ᠃ | ᠬᠡᠷᠡᠭᠯᠡᠭᠴᠢᠳ ᠲᠦᠬᠦᠬᠡᠢ ᠮᠢᠬ᠎ᠠ᠂ ᠵᠢᠬᠦᠷᠳᠡᠨ᠂ ᠤᠰᠤᠨ ᠭᠠᠷᠤᠯᠳᠠ ᠲᠠᠢ ᠬᠦᠷᠦᠯᠴᠡᠭᠰᠡᠨ ᠤ ᠳᠠᠷᠠᠭ᠎ᠠ | ᠭᠠᠷ ᠢᠶᠠᠨ ᠰᠠᠪᠤᠡᠭ ᠪᠤᠯᠤᠨ ᠤᠷᠤᠰᠤᠮᠠᠯ ᠤᠰᠤ ᠪᠠᠷ ᠠᠳᠠᠭ ᠲᠤ ᠪᠠᠨ 20 ᠰᠧᠺᠦ᠋ᠨ᠋ᠳ᠋ ᠤᠬᠢᠶᠠᠨ᠎ᠠ᠃ ᠤᠰᠤᠨ | ᠴᠤᠷᠭᠤᠨ ᠳᠤᠤᠷ᠎ᠠ ᠲᠦᠬᠦᠬᠡᠢ ᠮᠢᠬᠠᠨ ᠪᠦᠳᠤᠭᠡᠭᠳᠡᠬᠦᠨ ᠢ ᠰᠢᠭᠤᠳ ᠰᠦᠷᠴᠢᠨ ᠤᠬᠢᠶᠠᠵᠤ ᠪᠤᠯᠬᠤ ᠦᠬᠡᠢ᠂ | ᠰᠦᠷᠴᠢᠨ ᠪᠤᠬᠢᠷᠳᠤᠭᠤᠯᠬᠤ ᠠᠴᠠ ᠰᠡᠷᠬᠡᠶᠢᠯᠡᠬᠦ ᠬᠡᠷᠡᠭᠳᠡᠢ᠃ | ᠲᠦᠬᠦᠬᠡᠢ ᠪᠠ ᠪᠤᠯᠭᠤᠬᠰᠠᠨ ᠢᠳᠡᠭᠡᠨ ᠢ ᠰᠠᠯᠭᠠᠵᠤ ᠬᠠᠳᠠᠭᠠᠯᠠᠨ᠎ᠠ᠃ ᠢᠯᠠᠩᠭᠤᠶ᠎ᠠ ᠲᠦᠬᠦᠬᠡᠢ ᠮᠢᠬ᠎ᠠ᠂ | ᠲᠦᠬᠦᠬᠡᠢ ᠤᠰᠤᠨ ᠭᠠᠷᠤᠯᠳᠠ ᠵᠡᠷᠭᠡ ᠢᠳᠡᠭᠡᠨ ᠲᠠᠢ ᠬᠦᠷᠤᠯᠴᠡᠬᠦ ᠳᠤ ᠤᠨᠴᠠ ᠬᠢᠴᠢᠶᠠᠵᠤ᠂ ᠰᠤᠯᠪᠢᠴᠠᠨ | ᠬᠠᠯᠳᠠᠪᠦᠷᠢᠯᠠᠬᠤ ᠠᠴᠠ ᠵᠠᠶᠢᠯᠠᠰᠬᠢᠬᠦ ᠬᠡᠷᠡᠭᠳᠡᠢ᠃ ᠠᠯᠢ ᠴᠢᠳᠠᠬᠤ ᠪᠠᠷ ᠲᠦᠬᠦᠬᠡᠢ ᠤᠰᠤᠨ ᠭᠠᠷᠤᠯᠳᠠ ᠵᠡᠷᠭᠡ ᠶᠢ | ᠢᠳᠡᠬᠦ ᠦᠬᠡᠢ ᠪᠤᠯ ᠰᠠᠶᠢᠨ᠃ | 1. ᠠᠮᠢᠳᠤᠷᠠᠯ ᠤᠨ ᠰᠠᠶᠢᠬᠠᠨ ᠳᠠᠳᠬᠠᠯ ᠲᠠᠢ ᠪᠠᠶᠢᠬᠤ ᠬᠡᠷᠡᠭᠳᠡᠢ᠃ ᠶᠠᠭᠤᠮ᠎ᠠ ᠬᠤᠳᠠᠯᠳᠤᠨ ᠠᠪᠬᠤ ᠪᠤᠶᠤ | ᠬᠤᠭᠤᠯᠠ ᠢᠳᠡᠬᠦ ᠦᠶᠡᠰ ᠬᠤᠪᠢ ᠪᠡᠶ᠎ᠠ ᠶᠢᠨ ᠬᠠᠮᠠᠭᠠᠯᠠᠯᠳᠠ ᠪᠠᠨ ᠰᠠᠶᠢᠳᠤᠷ ᠬᠢᠬᠦ ᠴᠢᠬᠤᠯᠠᠳᠠᠢ᠃ ᠠᠮᠠᠪᠴᠢ ᠵᠡᠬᠦᠵᠤ | ᠨᠡᠶᠢᠬᠡᠮ ᠤᠨ ᠬᠠᠷᠢᠯᠴᠠᠭᠠᠨ ᠤ ᠠᠶᠤᠯᠬᠦᠢ ᠶᠢᠨ ᠵᠠᠢ ᠶᠢ ᠪᠠᠳᠤᠯᠠᠵᠤ᠂ ᠬᠠᠨᠢᠶᠠᠬᠤ ᠨᠠᠶᠢᠳᠠᠭᠠᠬᠤ ᠦᠶᠡᠰ ᠠᠮᠠ | ᠬᠠᠮᠠᠷ ᠢᠶᠠᠨ ᠬᠠᠯᠬᠠᠯᠠᠵᠤ᠂ ᠪᠠᠷᠠᠭ᠎ᠠ ᠬᠤᠳᠠᠯᠳᠤᠨ ᠠᠪᠴᠤ ᠬᠡᠷ ᠲᠡᠭᠡᠨ ᠬᠠᠷᠢᠪᠠᠯ ᠭᠠᠷ ᠢᠶᠠᠨ ᠤᠬᠢᠶᠠᠬᠤ ᠬᠡᠷᠡᠭᠳᠡᠢ᠃ | 2. ᠴᠡᠪᠡᠷ ᠤᠰᠤ ᠪᠠ ᠴᠡᠪᠡᠷ ᠢᠳᠡᠭᠡᠨ ᠤ ᠮᠠᠲ᠋ᠧᠷᠢᠶᠠᠯ ᠢ ᠬᠡᠷᠡᠭᠯᠡᠨ᠎ᠠ᠃ ᠲᠦᠬᠦᠬᠡᠢ ᠮᠢᠬ᠎ᠠ᠂ ᠤᠰᠤᠨ | ᠭᠠᠷᠤᠯᠳᠠ ᠵᠡᠷᠭᠡ ᠢᠳᠡᠭᠡᠨ ᠤ ᠵᠦᠢᠯᠡᠰ ᠢ ᠬᠤᠳᠠᠯᠳᠤᠨ ᠠᠪᠴᠤ ᠤᠬᠢᠶᠠᠬᠤ ᠪᠤᠶᠤ ᠪᠤᠯᠪᠠᠰᠤᠷᠠᠭᠤᠯᠬᠤ᠂ ᠬᠤᠭᠤᠯᠠ | ᠬᠢᠬᠦ ᠪᠠᠭᠠᠵᠢ ᠬᠡᠷᠡᠭᠰᠡᠯ ᠢᠶᠠᠨ ᠤᠬᠢᠶᠠᠨ ᠴᠡᠪᠡᠷᠯᠡᠬᠦ ᠶᠠᠪᠤᠴᠠ ᠳᠤ ᠵᠠᠪᠠᠯ ᠴᠡᠪᠡᠷ ᠤᠰᠤ ᠬᠡᠷᠡᠭᠯᠡᠬᠦ ᠶᠢ ᠠᠩᠬᠠᠷᠤᠨ᠎ᠠ᠃ | 3. ᠬᠡᠷ ᠲᠡᠭᠡᠨ ᠬᠤᠭᠤᠯᠠ ᠢᠳᠡᠬᠡᠨ ᠪᠡᠯᠡᠳᠬᠡᠬᠦ ᠳᠤ ᠪᠠᠨ ᠠᠷᠢᠭᠤᠨ ᠴᠡᠪᠡᠷ ᠢ ᠤᠨᠴᠠᠭᠠᠢ ᠠᠩᠬᠠᠷᠬᠤ | ᠬᠡᠷᠡᠭᠳᠡᠢ᠃ ᠲᠦᠬᠦᠬᠡᠢ ᠮᠢᠬ᠎ᠠ᠂ ᠤᠰᠤᠨ ᠭᠠᠷᠤᠯᠳᠠ ᠲᠠᠢ ᠬᠦᠷᠦᠯᠴᠡᠭᠰᠡᠨ ᠤ ᠳᠠᠷᠠᠭ᠎ᠠ ᠴᠠᠭ ᠳᠤᠬᠠᠢ ᠳᠤᠨᠢ | ᠰᠠᠪᠤᠡᠭ ᠲᠠᠢ ᠤᠰᠤ ᠪᠠ ᠤᠷᠤᠰᠤᠮᠠᠯ ᠤᠰᠤ ᠪᠠᠷ ᠭᠠᠷ ᠢᠶᠠᠨ ᠠᠳᠠᠭ ᠲᠤ ᠪᠠᠨ 20 ᠰᠧᠺᠦ᠋ᠨ᠋ᠳ᠋ ᠤᠬᠢᠶᠠᠨ᠎ᠠ᠃ ᠬᠡᠷᠪᠡ | ᠲᠦᠬᠦᠬᠡᠢ ᠮᠢᠬ᠎ᠠ ᠪᠤᠶᠤ ᠤᠰᠤᠨ ᠭᠠᠷᠤᠯᠳᠠ ᠲᠠᠢ ᠭᠠᠷ ᠢᠶᠠᠷ ᠢᠶᠠᠨ ᠰᠢᠭᠤᠳ ᠬᠦᠷᠦᠯᠴᠡᠭᠰᠡᠨ ᠪᠠᠶᠢᠪᠠᠯ ᠨᠢᠳᠤ ᠪᠤᠯᠤᠨ | ᠬᠠᠮᠠᠷ ᠢᠶᠠᠨ ᠨᠤᠬᠤᠯᠠᠬᠤ ᠠᠴᠠ ᠵᠠᠶᠢᠯᠠᠰᠬᠢᠨ᠎ᠠ︕ | 4. ᠲᠦᠬᠦᠬᠡᠢ ᠪᠠ ᠪᠤᠯᠭᠤᠬᠰᠠᠨ ᠢᠳᠡᠬᠡᠨ ᠢ ᠰᠠᠯᠭᠠᠵᠤ ᠬᠠᠳᠠᠭᠠᠯᠠᠨ᠎ᠠ᠃ ᠢᠯᠠᠩᠭᠤᠶ᠎ᠠ ᠲᠦᠬᠦᠬᠡᠢ ᠮᠢᠬ᠎ᠠ᠂ | ᠲᠦᠬᠦᠬᠡᠢ ᠤᠰᠤᠨ ᠭᠠᠷᠤᠯᠳᠠ ᠲᠠᠢ ᠬᠦᠷᠦᠯᠴᠡᠬᠦ ᠳᠤ ᠪᠠᠨ ᠤᠨᠴᠠᠭᠠᠢ ᠬᠢᠴᠢᠶᠡᠵᠤ᠂ ᠰᠤᠯᠪᠢᠴᠠᠨ | ᠬᠠᠯᠳᠠᠪᠦᠷᠢᠯᠠᠬᠤ ᠠᠴᠠ ᠬᠢᠴᠢᠶᠡᠬᠦ ᠬᠡᠷᠡᠭᠳᠡᠢ᠃ ᠠᠯᠢ ᠴᠢᠳᠠᠬᠤ ᠪᠠᠷ ᠲᠦᠬᠦᠬᠡᠢ ᠤᠰᠤᠨ ᠭᠠᠷᠤᠯᠳᠠ ᠶᠢ ᠪᠢᠳᠡᠬᠡᠢ | ᠢᠳᠡᠭᠡᠷᠡᠢ︕ | 5. ᠢᠳᠡᠭᠡᠨ ᠢᠶᠠᠨ ᠪᠤᠯᠭᠤᠳᠠᠯᠠ ᠴᠢᠨᠠᠬᠤ ᠬᠡᠷᠡᠭᠳᠡᠢ᠃ ᠮᠢᠬ᠎ᠠ᠂ ᠤᠰᠤᠨ ᠭᠠᠷᠤᠯᠳᠠ ᠶᠢ | ᠪᠤᠯᠪᠠᠰᠤᠷᠠᠭᠤᠯᠬᠤ ᠳᠤ ᠪᠠᠨ ᠵᠠᠪᠠᠯ ᠬᠦᠢᠴᠡᠳ ᠴᠢᠨᠠᠵᠤ ᠪᠤᠯᠭᠤᠬᠤ ᠶᠢ ᠠᠩᠬᠠᠷᠤᠨ᠎ᠠ᠃ | 6. ᠮᠢᠬ᠎ᠠ᠂ ᠤᠰᠤᠨ ᠭᠠᠷᠤᠯᠳᠠ ᠵᠡᠷᠭᠡ ᠶᠢ ᠰᠠᠯᠭᠠᠨ ᠪᠤᠭᠤᠳᠠᠯᠯᠠᠵᠤ᠂ ᠪᠤᠭᠤᠯᠳᠠ ᠲᠠᠢ ᠡᠳ᠋ ᠢᠶᠠᠨ | ᠳᠠᠪᠬᠤᠷᠭ᠎ᠠ ᠬᠤᠪᠢᠶᠠᠨ ᠬᠠᠳᠠᠭᠠᠯᠠᠨ᠎ᠠ᠃ ᠮᠢᠬ᠎ᠠ᠂ ᠤᠰᠤᠨ ᠭᠠᠷᠤᠯᠳᠠ ᠵᠡᠷᠭᠡ ᠶᠢ ᠬᠦᠯᠳᠡᠬᠡᠬᠦ ᠳᠠᠪᠬᠤᠷᠭ᠎ᠠ ᠳᠤ | ᠤᠷᠤᠭᠤᠯᠬᠤ ᠠᠴᠠ ᠡᠮᠤᠨ᠎ᠠ ᠭᠡᠰᠡᠭᠯᠡᠨ ᠬᠤᠪᠢᠶᠠᠵᠤ᠂ ᠰᠠᠯᠭᠠᠵᠤ ᠪᠤᠭᠤᠳᠠᠯᠯᠠᠬᠤ ᠶᠢᠨ ᠬᠠᠮᠳᠤ ᠤᠭᠤᠳᠠ ᠶᠢᠨ ᠢᠶᠠᠨ | ᠪᠦᠷᠢᠨ ᠪᠦᠳᠤᠨ ᠪᠠᠶᠢᠬᠤ ᠶᠢ ᠠᠩᠬᠠᠷᠬᠤ ᠬᠡᠷᠡᠭᠳᠡᠢ᠃ | 7. ᠳᠤᠰ ᠳᠤᠰ ᠲᠤ ᠪᠠᠨ ᠬᠤᠭᠤᠯᠠᠯᠠᠬᠤ ᠪᠠ ᠨᠡᠶᠢᠳᠡ ᠶᠢᠨ ᠬᠠᠯᠪᠠᠭ᠎ᠠ ᠨᠡᠶᠢᠳᠡ ᠶᠢᠨ ᠰᠠᠪᠬ᠎ᠠ ᠬᠡᠷᠡᠭᠯᠡᠬᠦ ᠶᠢ | ᠰᠠᠨᠠᠭᠠᠴᠢᠯᠠᠨ᠎ᠠ᠃ |