ᠣᠷᠴᠢᠨ ᠲᠣᠭᠤᠷᠢᠨ ᠤ ᠠᠷᠢᠭᠤᠨ ᠴᠡᠪᠡᠷ ᠢ ᠬᠠᠮᠠᠭᠠᠯᠠᠬᠤ ᠤᠷᠢᠶᠠᠯᠠᠭ᠎ᠠ ᠶᠢᠨ ᠪᠢᠴᠢᠭ
ᠨᠡᠶᠢᠲᠡᠯᠡᠭᠰᠡᠨ ᠴᠠᠭ᠄
2024/3/20
ᠬᠤᠰᠢᠭᠤ ᠬᠠᠷᠢᠶ᠎ᠠ ᠡᠯ᠎ᠡ ᠰᠠᠯᠠᠭ᠎ᠠ ᠮᠥᠴᠢᠷ᠂  ᠲᠠᠶᠢᠹᠤᠰᠧ ᠳᠤ ᠰᠠᠭᠤᠭ᠎ᠠ ᠡᠯ᠎ᠡ ᠪᠠᠶᠢᠭᠤᠯᠭ᠎ᠠ ᠨᠢᠭᠡᠴᠡ᠂ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠥᠷᠲᠡᠭᠡ ᠰᠠᠯᠪᠤᠷᠢ᠂ ᠥᠷᠭᠡᠨ ᠣᠯᠠᠨ ᠰᠠᠶᠢᠨ ᠲᠤᠷ᠎ᠠ ᠶᠢᠨ ᠦᠢᠯᠡᠴᠢᠯᠡᠭᠴᠢ ᠪᠠ ᠰᠠᠭᠤᠭᠠᠯᠢ ᠠᠷᠠᠳ ᠲᠤ᠄      ᠴᠡᠪᠡᠷ  ᠴᠡᠮᠴᠡᠭᠡᠷ  ᠂  ᠪᠣᠯᠪᠠᠰᠤᠨ ᠶᠤᠰᠤᠷᠬᠠᠭ᠂  ᠦᠵᠡᠰᠬᠦᠯᠡᠩᠳᠦ ᠰᠠᠶᠢᠬᠠᠨ  ᠬᠤᠳᠠ ᠶᠢᠨ ᠣᠷᠴᠢᠨ ᠲᠤᠭᠤᠷᠢᠨ ᠢ ᠪᠤᠢ ᠪᠣᠯᠭᠠᠬᠤ ᠪᠣᠯ ᠪᠢᠳᠡ ᠪᠦᠬᠦᠨ ᠤ ᠬᠠᠮᠲᠤ ᠶᠢᠨ ᠬᠦᠰᠡᠯ ᠬᠥᠭᠡᠭᠡᠴᠡᠯᠳᠦᠯ᠂  ᠮᠦᠨᠴᠦ  ᠪᠢᠳᠡ ᠪᠦᠬᠦᠨ ᠤ  ᠬᠠᠮᠳᠤ  ᠶᠢᠨ  ᠡᠬᠦᠷᠭᠡ ᠬᠠᠷᠢᠭᠤᠴᠠᠯᠭ᠎ᠠ ᠪᠢᠯᠡ᠃  ᠡᠶᠢᠨ ᠬᠦ᠋ ᠬᠤᠰᠢᠭᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠤᠶᠤᠨ ᠤ ᠪᠣᠯᠪᠠᠰᠤᠨ ᠤ ᠪᠠᠶᠢᠭᠤᠯᠤᠯᠲᠠ ᠶᠢᠨ ᠠᠯᠪᠠᠨ ᠭᠡᠷ᠂ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠦᠢᠯᠡᠴᠢᠯᠡᠭᠡᠨ ᠤ ᠲᠥᠪ   ᠠᠴᠠ ᠲᠡ ᠪᠦᠬᠦᠨ ᠳᠡᠭᠡᠨ ᠳᠣᠣᠷᠠᠬᠢ ᠮᠡᠳᠦ  ᠤᠷᠢᠶᠠᠯᠠᠭ᠎ᠠ ᠶᠢ ᠭᠠᠷᠭᠠᠵᠤ ᠪᠠᠶᠢᠨᠠᠮ  ᠄     ᠥᠷᠭᠡᠨ ᠣᠯᠠᠨ ᠨᠠᠮ ᠤᠨ ᠭᠡᠰᠢᠭᠦᠨ ᠺᠠᠳ᠋ᠷᠴᠤᠳ ᠢᠳᠡᠪᠬᠢᠲᠡᠢ ᠪᠠᠷ ᠬᠥᠳᠡᠯᠦᠯᠴᠡᠵᠦ᠂  ᠣᠯᠠᠨ ᠲᠦᠮᠡᠨ ᠢ ᠥᠷᠭᠡᠨ ᠢᠶᠠᠷ ᠳᠠᠶᠢᠴᠢᠯᠠᠨ᠂  ᠠᠵᠢᠯᠯᠠᠵᠤ ᠪᠠᠶᠢᠭ᠎ᠠ ᠨᠢᠭᠡᠴᠡ᠂  ᠠᠮᠢᠳᠤᠷᠠᠵᠤ ᠪᠠᠶᠢᠭ᠎ᠠ ᠨᠡᠶᠢᠭᠡᠮ ᠲᠣᠭᠤᠷᠢᠭ ᠂  ᠲᠠᠭᠠᠭᠠᠴᠢᠯᠠᠵᠤ ᠠᠪᠤᠭᠰᠠᠨ ᠰᠠᠭᠤᠭᠠᠯᠢ ᠲᠣᠭᠤᠷᠢᠭ ᠤᠨ ᠢᠶᠠᠨ ᠣᠷᠴᠢᠨ ᠲᠣᠭᠤᠷᠢᠨ ᠤ ᠠᠷᠢᠭᠤᠨ ᠴᠡᠪᠡᠷ ᠢ ᠬᠠᠮᠠᠭᠠᠯᠠᠬᠤ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠳᠤ ᠤᠬᠠᠮᠰᠠᠷ ᠠᠴᠠ ᠪᠠᠨ ᠤᠷᠤᠯᠴᠠᠨ᠎ᠠ᠃  ᠦᠪᠡᠷ  ᠤᠨ ᠪᠡᠶ᠎ᠡ ᠠᠴᠠ ᠪᠠᠨ ᠡᠬᠢᠯᠡᠨ  ᠂ ᠦᠢᠯᠡ  ᠠᠵᠢᠯᠯᠠᠭ᠎ᠠ ᠪᠠᠨ ᠲᠦᠷᠢᠮᠵᠢᠬᠦᠯᠵᠦ᠂  ᠪᠤᠯᠬᠢ ᠳᠠᠳᠬᠠᠯ  ᠢᠶᠠᠨ ᠲᠠᠶᠠᠭᠳᠠᠨ᠂  ᠣᠷᠴᠢᠨ ᠲᠣᠭᠤᠷᠢᠨ ᠤ ᠠᠷᠢᠭᠤᠨ ᠴᠡᠪᠡᠷ ᠢ ᠲᠦᠷᠦᠭᠦᠯᠡᠨ ᠬᠠᠮᠠᠭᠠᠯᠠᠵᠤ᠂  ᠪᠣᠯᠪᠠᠰᠤᠨ ᠪᠤᠰᠤ ᠦᠢᠯᠡ ᠠᠵᠢᠯᠯᠠᠭ᠎ᠠ ᠶᠢ ᠲᠦᠷᠦᠭᠦᠯᠡᠨ ᠡᠰᠡᠷᠬᠦᠴᠡᠵᠦ᠂  ᠰᠠᠶᠢᠨ ᠰᠠᠶᠢᠬᠠᠨ ᠵᠠᠩ ᠳᠠᠳᠬᠠᠯ ᠪᠠ ᠰᠢᠨᠵᠢᠯᠡᠬᠦ ᠤᠬᠠᠭᠠᠨᠴᠢ᠂ ᠡᠷᠡᠬᠦᠯ ᠪᠣᠯᠪᠠᠰᠤᠨ ᠠᠮᠢᠳᠤᠷᠠᠯ ᠤᠨ ᠠᠷᠭ᠎ᠠ ᠮᠠᠶ᠋ᠢᠭ ᠢ ᠳᠡᠷᠭᠡᠳᠡᠬᠢ ᠬᠥᠮᠥᠰ ᠲᠡᠭᠡᠨ ᠤᠯᠠᠮᠵᠢᠯᠠᠨ᠂  ᠳᠡᠷᠭᠡᠳᠡᠬᠢ ᠬᠥᠮᠥᠰ ᠢᠶᠠᠨ ᠨᠦᠯᠦᠬᠡᠯᠡᠨ  ᠲᠠᠶᠢᠴᠢᠯᠠᠶ᠎ᠠ᠃       ᠬᠤᠲᠠ ᠪᠠᠯᠭᠠᠰᠤᠨ ᠤ ᠰᠠᠭᠤᠭᠠᠯᠢ ᠠᠷᠠᠳ ᠨᠢᠬᠡᠪᠦᠷᠢ ᠪᠣᠯᠪᠠᠰᠤᠨ ᠤ ᠤᠬᠠᠮᠰᠠᠷ ᠪᠠ ᠣᠷᠴᠢᠨ ᠲᠣᠭᠤᠷᠢᠨ ᠤ ᠬᠠᠮᠠᠭᠠᠯᠠᠯᠲᠠ ᠶᠢᠨ ᠤᠬᠠᠮᠰᠠᠷ ᠢᠶᠠᠨ ᠴᠢᠩᠭᠠᠳᠬᠠᠨ᠂ ᠪᠣᠯᠪᠠᠰᠤᠨ ᠢᠶᠠᠷ ᠪᠡᠶ᠎ᠡ ᠪᠠᠨ ᠱᠠᠭᠠᠷᠳᠠᠵᠤ᠂ ᠶᠣᠰᠣ ᠳᠦᠷᠢᠮ ᠢ ᠰᠠᠬᠢᠵᠤ ᠵᠢᠷᠤᠮᠯᠠᠨ᠂  ᠭᠡᠷ ᠬᠦᠷᠢᠶᠡᠨ ᠤ ᠪᠠᠨ ᠡᠮᠦᠨ᠎ᠡ ᠬᠤᠶᠢᠨᠠᠬᠢ ᠬᠤᠭ ᠨᠣᠪᠰᠢ ᠶᠢ ᠦᠷᠭᠦᠯᠵᠢ ᠴᠡᠪᠡᠷᠯᠡᠵᠦ᠂  ᠠᠳᠡ ᠲᠡᠨᠳᠡ ᠦᠬᠡᠢ ᠬᠤᠭ ᠨᠣᠪᠰᠢ ᠬᠠᠶᠠᠬᠤ  ᠂ ᠭᠠᠵᠠᠷ ᠰᠠᠢ ᠦᠬᠡᠢ ᠨᠤᠯᠮᠤᠵᠤ ᠨᠢᠬᠢᠬᠦ  ᠂ ᠡᠷᠦᠢ ᠬᠤᠷᠤᠢ ᠦᠬᠡᠢ ᠡᠷᠢᠶᠡᠴᠢᠵᠦ ᠵᠢᠷᠤᠬᠤ᠂  ᠡᠷᠭᠡ ᠳᠤᠷ᠎ᠠ ᠪᠠᠷ ᠢᠶᠠᠨ ᠵᠠᠷ ᠨᠠᠭᠠᠬᠤ᠂  ᠂ ᠨᠡᠶᠢᠲᠡ ᠶᠢᠨ ᠶᠠᠭᠤᠮ᠎ᠠ ᠶᠢ ᠡᠪᠳᠡᠵᠦ ᠪᠠᠯᠪᠠᠴᠢᠬᠤ  ᠂ ᠳᠤᠷ᠎ᠠ  ᠵᠤᠷᠢᠭ ᠢᠶᠠᠷ ᠢᠶᠠᠨ ᠪᠠᠷᠢᠵᠤ ᠪᠠᠶᠢᠭᠤᠯᠬᠤ᠂  ᠬᠠᠮᠢᠶ᠎ᠠ ᠨᠠᠮᠢᠶ᠎ᠠ ᠦᠬᠡᠢ  ᠤᠪᠤᠭᠠᠯᠠᠵᠤ ᠲᠠᠯᠪᠢᠬᠤ ᠶᠢ ᠡᠷᠡᠰ ᠴᠡᠭᠡᠷᠯᠡᠶ᠎ᠡ᠃ ᠲᠠᠯᠠᠪᠠᠢ ᠴᠡᠴᠡᠷᠯᠢᠭ ᠲᠤ ᠬᠦᠳᠡᠯᠪᠦᠷᠢᠯᠡᠵᠦ ᠰᠡᠯᠡᠭᠦᠴᠡᠭᠰᠡᠨ ᠤ ᠳᠠᠷᠠᠭ᠎ᠠ ᠦᠪᠡᠷ  ᠤᠨ ᠤᠬᠠᠮᠰᠠᠷ ᠠᠴᠠ ᠪᠠᠨ ᠬᠤᠭ ᠨᠣᠪᠰᠢ ᠪᠠᠨ ᠠᠪᠴᠤ  ᠶᠠᠪᠤᠭᠠᠷᠠᠢ᠃      ᠦᠷᠭᠡᠨ ᠤᠯᠠᠨ ᠮᠠᠯᠴᠢᠨ ᠲᠠᠷᠢᠶᠠᠴᠢᠨ ᠡᠵᠡᠨ ᠬᠥᠮᠥᠨ ᠤ ᠤᠪᠤᠷ   ᠢᠶᠠᠷ ᠤᠷᠴᠢᠨ ᠲᠤᠭᠤᠷᠢᠨ ᠢᠶᠠᠨ ᠬᠠᠮᠠᠭᠠᠯᠠᠵᠤ᠂ ᠠᠮᠢᠳᠤᠷᠠᠯ ᠤᠨ ᠬᠤᠭ ᠨᠣᠪᠰᠢ ᠶᠢ ᠳᠤᠷ᠎ᠠ ᠪᠠᠷ ᠬᠠᠶᠠᠬᠤ ᠦᠭᠡᠢ ᠪᠠᠶᠢᠵᠤ᠂   ᠭᠡᠷ ᠬᠦᠷᠢᠶᠡᠨ ᠤ ᠪᠠᠨ ᠠᠷᠤ ᠡᠮᠦᠨᠡᠬᠢ ᠬᠤᠭ ᠨᠣᠪᠰᠢ ᠶᠢ ᠴᠡᠪᠡᠷᠯᠡᠨ  ᠂  ᠭᠠᠴᠠᠭ᠎ᠠ ᠲᠣᠰᠬᠤᠨ ᠤ ᠪᠠᠨ ᠤᠷᠴᠢᠨ ᠲᠤᠭᠤᠷᠢᠨ ᠤ ᠴᠡᠪᠡᠷᠯᠡᠭᠡ  ᠶᠢᠨ ᠠᠵᠢᠯ ᠳᠤ ᠢᠳᠡᠪᠬᠢᠲᠡᠢ ᠣᠷᠣᠯᠴᠠᠵᠤ᠂   ᠠᠶᠢᠯ ᠬᠤᠳᠠ  ᠂  ᠵᠠᠮ ᠤᠨ ᠬᠠᠵᠠᠭᠤ᠂  ᠨᠠᠭᠤᠷ ᠭᠤᠤᠯ᠂ ᠣᠶ ᠰᠢᠭᠤᠢ᠂  ᠲᠠᠷᠢᠶ᠎ᠠ ᠪᠡᠯᠴᠢᠭᠡᠷ ᠲᠠᠬᠢ ᠡᠯ᠎ᠡ ᠲᠥᠷᠥᠯ ᠤᠨ ᠬᠤᠭ ᠨᠣᠪᠰᠢ ᠶᠢ ᠴᠡᠪᠡᠷᠯᠡᠨ᠂  ᠬᠤᠭ ᠨᠣᠪᠰᠢ ᠬᠠᠷᠠᠭᠳᠠᠬᠤ ᠦᠭᠡᠢ ᠠᠷᠢᠭᠤᠨ ᠴᠡᠪᠡᠷ ᠬᠦᠳᠡᠭᠡ ᠲᠤᠰᠬᠤᠨ ᠢ ᠪᠠᠶᠢᠭᠤᠯᠤᠶ᠎ᠠ᠃     ᠥᠷᠭᠡᠨ ᠣᠯᠠᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠡᠷᠡᠬᠦᠯ ᠪᠣᠯᠪᠠᠰᠤᠨ ᠠᠮᠢᠳᠤᠷᠠᠯ ᠤᠨ ᠠᠷᠭ᠎ᠠ ᠮᠠᠶ᠋ᠢᠭ ᠪᠠ ᠵᠠᠩ ᠳᠠᠳᠬᠠᠯ ᠲᠠᠢ ᠪᠤᠯᠵᠠᠭᠠᠵᠤ᠂ ᠢᠳᠡᠭᠡᠨ ᠤ ᠪᠣᠭᠤᠳᠠᠯ᠂ ᠤᠮᠳᠠᠭᠠᠨ ᠤ ᠯᠣᠩᠬᠤ᠂ ᠵᠢᠮᠢᠰ ᠤᠨ ᠬᠠᠯᠢᠰᠤ᠂ ᠴᠠᠭᠠᠰᠤᠨ ᠤ ᠦᠷᠦᠪᠳᠡᠰᠦ ᠵᠡᠷᠭᠡ ᠪᠠᠨ ᠳᠤᠷ᠎ᠠ ᠪᠠᠷ ᠢᠶᠠᠨ ᠬᠠᠶᠠᠬᠤ ᠶᠢ ᠴᠡᠭᠡᠷᠯᠡᠨ᠂  ᠠᠷᠢᠭᠤᠨ ᠴᠡᠪᠡᠷ ᠢ ᠡᠷᠬᠢᠮᠯᠡᠳᠡᠭ᠂ ᠶᠣᠰᠣ ᠰᠤᠷᠲᠠᠬᠤᠨ ᠢ ᠮᠡᠳᠡᠳᠡᠭ  ᠰᠢᠨ᠎ᠡ ᠡᠷᠡᠨ ᠤ ᠵᠠᠯᠠᠭᠤᠴᠤᠳ ᠪᠠᠭᠠᠴᠤᠳ ᠪᠣᠯᠬᠤ ᠪᠠᠷ, ᠴᠢᠷᠮᠠᠶᠢᠵᠠᠭᠠᠶ᠎ᠠ᠃    ᠠᠵᠤ ᠠᠬᠤᠶᠢᠯᠠᠯ᠂ ᠬᠤᠳᠠᠯᠳᠤᠭᠠᠨ ᠤ ᠡᠷᠦᠬᠡ ᠨᠢ ᠦᠢᠯᠡᠳᠪᠦᠷᠢᠯᠡᠯ ᠠᠮᠢᠳᠤᠷᠠᠯ ᠤᠨ ᠣᠷᠣᠨ ᠤ ᠪᠠᠨ ᠣᠷᠴᠢᠨ ᠲᠣᠭᠤᠷᠢᠨ ᠤ ᠴᠡᠪᠡᠷᠯᠡᠭᠡ ᠴᠡᠭᠴᠡᠯᠡᠯᠳᠡ ᠶᠢ ᠤᠬᠠᠮᠰᠠᠷ ᠠᠴᠠ ᠪᠠᠨ ᠡᠭᠦᠷᠭᠡᠯᠡᠵᠦ᠂  ᠳᠤᠷ᠎ᠠ ᠪᠠᠷ ᠢᠶᠠᠨ ᠪᠠᠷᠢᠵᠤ ᠪᠠᠶᠢᠭᠤᠯᠬᠤ᠂ ᠳᠤᠷ᠎ᠠ ᠪᠠᠷ ᠢᠶᠠᠨ  ᠤᠪᠤᠭᠠᠯᠠᠵᠤ ᠲᠠᠯᠪᠢᠬᠤ᠂  ᠳᠤᠷ᠎ᠠ ᠪᠠᠷ ᠢᠶᠠᠨ ᠡᠵᠡᠯᠡᠵᠦ ᠭᠡᠷᠡᠭᠯᠡᠬᠦ ᠶᠢ ᠡᠷᠡᠰ ᠴᠡᠭᠡᠷᠯᠡᠨ᠂ ᠬᠠᠷᠢᠭᠤᠴᠠᠯᠭ᠎ᠠ ᠶᠢᠨ ᠤᠷᠤᠨ ᠲᠤᠳᠤᠷ᠎ᠠ ᠪᠠᠨ ᠴᠠᠭᠠᠰᠤᠨ ᠤ ᠦᠷᠦᠪᠳᠡᠰᠦ ᠦᠭᠡᠢ᠂ ᠲᠠᠮᠠᠬᠢᠨ ᠤ ᠶᠤᠵᠤᠭᠤᠷ ᠦᠭᠡᠢ᠂  ᠵᠢᠮᠢᠰ ᠨᠤᠭᠤᠭᠠᠨ ᠤ ᠬᠠᠯᠢᠰᠤ ᠦᠭᠡᠢ᠂  ᠨᠢᠰᠤ ᠨᠤᠯᠮᠤᠰᠤ ᠦᠭᠡᠢ᠂ ᠪᠣᠬᠢᠷ ᠤᠰᠤ ᠦᠭᠡᠢ᠂ ᠬᠤᠭ ᠨᠤᠪᠰᠢ ᠦᠭᠡᠢ ᠪᠠᠶᠢᠬᠤ ᠶᠢ ᠪᠠᠲᠤᠯᠠᠵᠤ᠂ ᠬᠤᠭ ᠨᠣᠪᠰᠢ ᠶᠢ ᠲᠣᠭᠲᠠᠭᠰᠠᠨ ᠭᠠᠵᠠᠷ ᠲᠠᠬᠢ ᠬᠤᠭ ᠤᠨ ᠬᠠᠶᠢᠷᠴᠠᠭ ᠲᠤ ᠬᠢᠵᠦ᠂ ᠦᠢᠯᠡᠳᠪᠦᠷᠢᠯᠡᠯ ᠠᠮᠢᠳᠤᠷᠠᠯ ᠤᠨ ᠢᠶᠠᠨ ᠣᠷᠴᠢᠨ ᠲᠣᠭᠤᠷᠢᠨ ᠢ ᠠᠷᠢᠭᠤᠨ ᠴᠡᠪᠡᠷ  ᠡᠮᠬᠢ ᠳᠢᠭᠯᠢᠮ ᠲᠠᠢ ᠪᠠᠶᠢᠯᠭᠠᠨ᠂  ᠨᠤᠭᠤᠭᠠᠷᠠᠭᠤᠯᠤᠯᠳᠠ ᠭᠤᠸᠠᠵᠢᠭᠤᠯᠤᠯᠳᠠ ᠶᠢᠨ ᠦᠷ᠎ᠡ ᠪᠦᠳᠦᠭᠡᠯ ᠢ ᠤᠯᠠᠮ ᠢᠯᠡ ᠪᠤᠯᠭᠠᠶ᠎ᠠ᠃     ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠥᠷᠲᠡᠭᠡ ᠰᠠᠯᠪᠤᠷᠢ ᠤᠳ᠂ ᠥᠷᠭᠡᠨ ᠣᠯᠠᠨ ᠰᠠᠶᠢᠨ ᠳᠤᠷ᠎ᠠ ᠶᠢᠨ ᠦᠢᠯᠡᠴᠢᠯᠡᠭᠴᠢ ᠨᠠᠷ ︽ ᠨᠡᠮᠡᠷᠢ ᠬᠠᠨᠳᠢᠪᠯᠠᠬᠤ᠂ ᠨᠥᠬᠦᠷᠰᠡᠭ ᠪᠠᠶᠢᠬᠤ  ᠂ ᠬᠠᠷᠢᠯᠴᠠᠨ ᠬᠠᠪᠰᠤᠷᠤᠯᠴᠠᠬᠤ᠂ ᠬᠠᠮᠳᠤᠪᠠᠷ ᠳᠠᠪᠰᠢᠬᠤ︾ ᠰᠠᠶᠢᠨ ᠳᠤᠷ᠎ᠠ ᠶᠢᠨ ᠦᠢᠯᠡᠴᠢᠯᠡᠭᠡᠨ ᠤ ᠵᠣᠷᠢᠭ ᠰᠠᠨᠠᠭ᠎ᠠ  ᠶᠢ ᠶᠡᠭᠡ ᠪᠠᠷ ᠪᠠᠳᠠᠷᠠᠭᠤᠯᠵᠤ᠂ ᠣᠷᠴᠢᠨ ᠲᠣᠭᠤᠷᠢᠨ ᠤ ᠬᠠᠮᠠᠭᠠᠯᠠᠯᠲᠠ᠂ ᠣᠷᠴᠢᠨ ᠲᠣᠭᠤᠷᠢᠨ ᠤ ᠴᠡᠪᠡᠷᠯᠡᠭᠡ ᠵᠡᠷᠭᠡ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠳᠤ ᠢᠳᠡᠪᠬᠢᠲᠡᠢ ᠤᠷᠤᠯᠴᠠᠨ᠂ ᠣᠷᠴᠢᠨ ᠲᠣᠭᠤᠷᠢᠨ ᠤ ᠬᠠᠮᠠᠭᠠᠯᠠᠯᠳᠠ  ᠳᠤ ᠲᠤᠰᠠᠳᠠᠢ ᠡᠷᠡᠭᠦᠯ ᠪᠣᠯᠪᠠᠰᠤᠨ ᠠᠮᠢᠳᠤᠷᠠᠯ ᠤᠨ ᠠᠷᠭ᠎ᠠ ᠮᠠᠶ᠋ᠢᠭ ᠢ ᠡᠳᠦᠷ ᠲᠤᠲᠤᠮ ᠤᠨ ᠠᠮᠢᠳᠤᠷᠠᠯ  ᠳᠠᠭᠠᠨ ᠠᠭᠤᠰᠬᠠᠵᠤ᠂  ᠠᠮᠤᠷ ᠲᠦᠪᠰᠢᠨ᠂ ᠪᠣᠯᠪᠠᠰᠤᠨ ᠶᠤᠰᠤᠷᠬᠠᠭ᠂ ᠠᠷᠢᠭᠤᠨ ᠴᠡᠪᠡᠷ ᠦᠶᠯᠡ ᠠᠵᠢᠯᠯᠠᠭᠠᠨ ᠤ  ᠲᠦᠷᠢᠮᠵᠢᠯ ᠢ ᠤᠬᠠᠭᠤᠯᠤᠨ᠂ ᠣᠷᠴᠢᠨ ᠲᠣᠭᠤᠷᠢᠨ ᠤ ᠬᠠᠮᠠᠭᠠᠯᠠᠯᠲᠠ ᠶᠢᠨ ᠮᠡᠳᠡᠯᠭᠡ ᠶᠢ ᠬᠥᠮᠥᠨ ᠪᠦᠬᠦᠨ ᠳᠤ ᠮᠡᠳᠡᠭᠦᠯᠵᠦ᠂ ᠬᠦᠮᠦᠨ ᠪᠦᠬᠦᠨ ᠳᠤ ᠣᠶᠢᠯᠠᠭᠠᠭᠤᠯᠵᠤ᠂ ᠣᠷᠣᠰᠢᠨ ᠰᠠᠭᠤᠷᠢᠰᠢᠬᠤ ᠣᠷᠴᠢᠨ ᠲᠣᠭᠤᠷᠢᠨ ᠢᠶᠠᠨ ︽ᠬᠠᠮᠲᠤ ᠪᠠᠷ ᠬᠠᠮᠢᠶᠠᠷᠴᠤ ᠬᠠᠮᠲᠤ ᠪᠠᠷ ᠵᠠᠰᠠᠬᠤ᠂ ᠬᠠᠮᠲᠤ ᠪᠠᠷ ᠪᠠᠶᠢᠭᠤᠯᠵᠤ ᠬᠠᠮᠲᠤ ᠪᠠᠷ ᠡᠳ᠋ᠯᠡᠬᠦ︾ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠤᠯᠭᠠᠶ᠎ᠠ᠃      ᠣᠷᠴᠢᠨ ᠲᠤᠭᠤᠷᠢᠨ ᠢᠶᠠᠨ ᠴᠡᠭᠴᠡᠯᠡᠨ ᠵᠠᠰᠠᠵᠤ᠂ ᠭᠡᠷ ᠣᠷᠣᠨ ᠢᠶᠠᠨ ᠭᠤᠶᠤᠵᠢᠭᠤᠯᠵᠤ ᠪᠠᠶᠢᠭᠤᠯᠬᠤ   ᠳᠤ ᠬᠥᠮᠥᠨ ᠪᠦᠬᠦᠨ ᠬᠠᠷᠢᠭᠤᠴᠠᠯᠭ᠎ᠠ ᠡᠬᠦᠷᠭᠡᠯᠡᠵᠦ᠂ ᠬᠥᠮᠥᠨ ᠪᠦᠬᠦᠨ ᠠᠰᠢᠭ ᠢ ᠨᠢ ᠬᠦᠷᠳᠡᠨ᠎ᠠ᠃ ᠪᠢᠳᠠ ᠪᠦᠭᠦᠳᠡᠭᠡᠷ ᠢᠶᠠᠨ  ᠢᠳᠡᠪᠬᠢᠳᠡᠢ ᠬᠥᠳᠡᠯᠦᠯᠴᠡᠵᠦ᠂ ᠥᠪᠡᠷ ᠤᠨ ᠪᠡᠶ᠎ᠡ ᠠᠴᠠ ᠪᠠᠨ ᠡᠬᠢᠯᠡᠨ ᠬᠢᠵᠦ᠂ ᠪᠠᠭ᠎ᠠ ᠰᠠᠭ᠎ᠠ ᠶᠠᠪᠤᠳᠠᠯ ᠠᠴᠠ ᠡᠬᠢᠯᠡᠨ ᠬᠢᠵᠦ᠂  ᠨᠢᠳᠦᠨ ᠡᠮᠦᠨ᠎ᠡ ᠠᠴᠠ ᠪᠠᠨ ᠡᠬᠢᠯᠡᠨ ᠬᠢᠵᠦ᠂  ᠰᠢᠷᠭᠠᠭᠤ ᠬᠠᠳᠠᠭᠤᠵᠢᠯᠳᠠᠢ ᠬᠥᠳᠡᠯᠮᠦᠷᠢ ᠴᠢᠷᠮᠠᠶᠢᠯᠭ᠎ᠠ᠂  ᠦᠨᠡᠨ ᠪᠤᠳᠠᠳᠠᠢ ᠦᠢᠯᠡ ᠠᠵᠢᠯᠯᠠᠭ᠎ᠠ ᠪᠠᠷ ᠢᠶᠠᠨ ᠨᠡᠩ ᠦᠵᠡᠰᠬᠦᠯᠡᠩᠲᠦ ᠰᠠᠶᠢᠬᠠᠨ᠂ ᠨᠡᠩ ᠠᠷᠢᠭᠤᠨ ᠴᠡᠪᠡᠷ᠂ ᠨᠡᠩ ᠪᠣᠯᠪᠠᠰᠤᠨ ᠶᠤᠰᠤᠷᠬᠠᠭ᠂ ᠨᠡᠩ ᠲᠤᠬᠢᠯᠢᠭ ᠲᠠᠭᠠᠳᠠᠢ᠂ ᠵᠣᠯ ᠵᠢᠷᠭᠠᠯᠳᠤ ᠭᠡᠷ ᠣᠷᠣᠨ ᠢ ᠬᠠᠮᠲᠤᠪᠠᠷ ᠪᠠᠶᠢᠭᠤᠯᠤᠶ᠎ᠠ︕                                                           ᠲᠠᠶᠢᠹᠤᠰᠧ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ     ᠲᠠᠶᠢᠹᠤᠰᠧ ᠬᠤᠰᠢᠭᠤᠨ ᠤ ᠤᠶᠤᠨ ᠤ ᠪᠣᠯᠪᠠᠰᠤᠨ ᠤ ᠪᠠᠶᠢᠭᠤᠯᠤᠯᠲᠠ ᠶᠢᠨ ᠵᠥᠪᠯᠡᠯ ᠤᠨ ᠠᠯᠪᠠᠨ ᠭᠡᠷ     ᠲᠠᠶᠢᠹᠤᠰᠧ ᠬᠤᠰᠢᠭᠤᠨ ᠤ ᠰᠢᠨ᠎ᠡ ᠴᠠᠭ ᠦᠶ᠎ᠡ ᠶᠢᠨ ᠪᠣᠯᠪᠠᠰᠤᠨ ᠦᠢᠯᠡᠳᠦᠯᠭᠡ ᠶᠢᠨ ᠦᠢᠯᠡᠴᠢᠯᠡᠭᠡᠨ ᠤ ᠲᠦᠪ                      2024 ᠣᠨ ᠤ 3 ᠰᠠᠷ᠎ᠠ ᠶᠢᠨ 19 ᠤ ᠡᠳᠦᠷ
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号