ᠬᠥᠭᠵᠢᠭᠦᠯᠦᠯᠲᠡ ᠪᠠ ᠥᠭᠡᠷᠡᠴᠢᠯᠡᠯᠲᠡ  ᠶᠢᠨ ᠵᠦᠪᠯᠡᠯ
ᠨᠡᠶᠢᠲᠡᠯᠡᠭᠰᠡᠨ ᠴᠠᠭ᠄
2024/2/5
  1.  ᠣᠯᠣᠰ᠂  ᠣᠷᠣᠨ᠂  ᠠᠶᠢᠮᠠᠭ ᠪᠠ ᠪᠦᠬᠦ ᠬᠤᠰᠢᠭᠤᠨ ᠤ  ᠣᠯᠣᠰ ᠠᠷᠠᠳ ᠤᠨ ᠠᠵᠤ ᠠᠬᠤᠢ ᠪᠠ ᠨᠡᠶᠢᠭᠡᠮ ᠤᠨ ᠬᠥᠭᠵᠢᠯᠲᠠ ᠶᠢᠨ ᠳᠣᠬᠠᠢ ᠴᠢᠭᠯᠡᠯᠲᠡ᠂ ᠲᠥᠷᠥ  ᠶᠢᠨ ᠪᠣᠳᠣᠯᠭ᠎ᠠ  ᠎ ᠶᠢ ᠲᠤᠤᠱᠯᠠᠭᠤᠯᠤᠨ  ᠬᠡᠷᠡᠭᠵᠢᠭᠦᠯᠦᠨ᠎ᠡ᠃  ᠬᠤᠰᠢᠭᠤᠨ ᠤ ᠪᠣᠳᠠᠲᠤ ᠪᠠᠶᠢᠳᠠᠯ ᠪᠠ  ᠠᠶᠢᠮᠠᠭ ᠤᠨ ᠪᠦᠬᠦᠯᠢ ᠴᠣᠭᠴᠠ ᠶᠢᠨ ᠬᠥᠭᠵᠢᠯᠲᠠ ᠎ ᠶᠢᠨ ᠲᠥᠯᠥᠪᠵᠢᠭᠦᠯᠭᠡ ᠶᠢ ᠥᠨᠳᠦᠰᠦᠯᠡᠨ᠂ ᠪᠦᠬᠦ ᠬᠤᠰᠢᠭᠤᠨ ᠤ ᠣᠯᠣᠰ ᠠᠷᠠᠳ ᠤᠨ ᠠᠵᠦ ᠠᠬᠤᠢ ᠪᠠ ᠨᠡᠶᠢᠭᠡᠮ ᠎ ᠤᠨ ᠭᠥᠭᠵᠢᠯᠲᠡ ᠶᠢᠨ ᠳᠣᠮᠳᠠ ᠣᠷᠲᠦ ᠬᠤᠭᠤᠴᠠᠭᠠᠨ ᠤ ᠲᠦᠯᠦᠪᠵᠢᠭᠦᠯᠭᠡ ᠪᠠ ᠣᠨ ᠤ ᠲᠦᠯᠦᠪᠯᠡᠭᠡ ᠶᠢ ᠰᠣᠳᠣᠯᠣᠨ ᠳᠣᠭᠲᠠᠭᠠᠨ᠎ᠠ᠃   2. ᠣᠯᠣᠰ᠂  ᠣᠷᠣᠨ᠂  ᠠᠶᠢᠮᠠᠭ  ᠤᠨ ᠠᠵᠦ ᠠᠬᠤᠢ  ᠶᠢᠨ  ᠪᠠᠶᠢᠭᠤᠯᠤᠯ ᠤᠨ  ᠥᠭᠡᠷᠡᠴᠢᠯᠡᠯᠲᠠ  ᠶᠢᠨ  ᠳᠣᠬᠠᠢ ᠴᠢᠭᠯᠡᠯᠲᠡ᠂ ᠲᠥᠷᠥ  ᠶᠢᠨ ᠪᠣᠳᠣᠯᠭ᠎ᠠ  ᠎ ᠶᠢ ᠲᠤᠤᠱᠯᠠᠭᠤᠯᠤᠨ  ᠬᠡᠷᠡᠭᠵᠢᠭᠦᠯᠦᠨ᠎ᠡ᠃ ᠪᠦᠬᠦ ᠬᠤᠰᠢᠭᠤᠨ  ᠤ ᠶᠡᠷᠥᠩᠬᠡᠶᠢᠯᠡᠭᠰᠡᠨ ᠴᠢᠨᠠᠷᠲᠠᠢ ᠠᠵᠦ ᠠᠬᠤᠢ ᠶᠢᠨ  ᠪᠠᠶᠢᠭᠤᠯᠤᠯ ᠤᠨ  ᠥᠭᠡᠷᠡᠴᠢᠯᠡᠯᠲᠠ  ᠶᠢᠨ ᠲᠥᠰᠥᠪ  ᠢ ᠵᠤᠬᠢᠶᠠᠨ ᠪᠠᠶᠢᠭᠤᠯᠤᠨ  ᠨᠠᠶᠢᠷᠠᠭᠤᠯᠵᠤ᠂ ᠬᠠᠮᠢᠶ᠎ᠠ ᠪᠦᠬᠦᠢ ᠳᠣᠰᠬᠠᠢ ᠲᠥᠷᠥᠯ ᠵᠦᠢᠯ  ᠤᠨ ᠠᠵᠦ ᠠᠬᠤᠢ  ᠶᠢᠨ  ᠪᠠᠶᠢᠭᠤᠯᠤᠯ ᠎ ᠤᠨ ᠥᠭᠡᠷᠡᠴᠢᠯᠡᠯᠲᠠ  ᠶᠢᠨ ᠠᠵᠢᠯ  ᠢ ᠵᠣᠬᠢᠴᠠᠭᠤᠯᠣᠨ᠎ᠠ᠃ ᠪᠦᠬᠦ ᠬᠤᠰᠢᠭᠤᠨ  ᠤ ᠠᠵᠦ ᠠᠬᠤᠢ  ᠶᠢᠨ ᠪᠠᠶᠢᠭᠤᠯᠤᠯ ᠎ ᠤᠨ ᠥᠭᠡᠷᠡᠴᠢᠯᠡᠯᠲᠠ ᠪᠠ ᠭᠠᠳᠠᠭᠠᠳᠣ ᠲᠠᠢ ᠴᠢᠯᠤᠭᠡᠲᠠᠢ ᠬᠠᠷᠢᠯᠴᠠᠬᠤ ᠴᠢᠬᠤᠯᠠ ᠶᠡᠭᠡ ᠠᠰᠠᠭᠤᠳᠠᠯ  ᠢ ᠰᠣᠳᠣᠯᠣᠨ᠂ ᠬᠠᠮᠢᠶ᠎ᠠ ᠪᠦᠬᠦᠢ ᠲᠥᠷᠦ  ᠶᠢᠨ ᠪᠣᠳᠣᠯᠭ᠎ᠠ᠂  ᠲᠦᠷᠢᠮ ᠳᠣᠭᠲᠠᠭᠠᠯ ᠢ ᠲᠤᠭᠳᠠᠭᠠᠬᠤ ᠪᠠ ᠬᠡᠷᠡᠭᠵᠢᠭᠦᠯᠬᠦ  ᠳᠤ ᠣᠷᠣᠯᠴᠠᠨ᠎ᠠ᠃   3. ᠣᠷᠣᠨ ᠨᠣᠳᠤᠭ  ᠤᠨ ᠠᠵᠦ ᠠᠬᠤᠢ  ᠶᠢᠨ ᠬᠥᠭᠵᠢᠯᠲᠡ  ᠶᠢᠨ ᠲᠥᠯᠥᠪᠵᠢᠭᠦᠯᠭᠡ᠂ ᠡᠬᠢ ᠪᠠᠶᠠᠯᠢᠭ ᠢ ᠠᠷᠪᠢᠯᠠᠬᠤ ᠪᠠ ᠶᠡᠷᠥᠩᠭᠡᠶᠢᠯᠡᠨ ᠠᠰᠢᠭᠯᠠᠬᠤ ᠲᠦᠯᠦᠪᠵᠢᠭᠦᠯᠭᠡ  ᠶᠢ ᠵᠣᠬᠢᠶᠠᠨ ᠪᠠᠶᠢᠭᠤᠯᠤᠨ ᠨᠠᠶᠢᠷᠠᠭᠤᠯᠤᠨ᠎ᠠ᠃ ᠪᠦᠬᠦ ᠬᠤᠰᠢᠭᠤᠨ  ᠤ ᠥᠨᠳᠣᠰᠣᠨ ᠪᠦᠲᠦᠭᠡᠨ ᠪᠠᠶᠢᠭᠤᠯᠤᠯᠲᠠ  ᠶᠢᠨ ᠲᠥᠷᠥᠯ ᠵᠥᠢᠯ  ᠤᠨ ᠡᠬᠢᠨ  ᠤ ᠬᠤᠭᠤᠴᠠᠭᠠᠨ  ᠤ ᠲᠥᠯᠥᠪᠯᠡᠭᠡ  ᠶᠢ ᠵᠣᠬᠢᠶᠠᠨ ᠪᠠᠶᠢᠭᠤᠯᠤᠨ ᠨᠠᠶᠢᠷᠠᠭᠤᠯᠤᠨ᠎ᠠ᠃   4. ᠣᠯᠣᠰ ᠠᠷᠠᠳ  ᠤᠨ ᠠᠵᠦ ᠠᠬᠤᠢ ᠪᠠ ᠨᠡᠶᠢᠭᠡᠮ  ᠤᠨ ᠬᠥᠭᠵᠢᠯᠲᠡ  ᠎ ᠳᠤ ᠵᠠᠳᠠᠯᠤᠯᠳᠠ ᠬᠢᠵᠦ᠂  ᠵᠦᠢ ᠵᠣᠬᠢᠰᠲᠠᠢ ᠰᠠᠨᠠᠭᠤᠯᠭ᠎ᠠ ᠳᠣᠷᠠᠳᠣᠨ᠎ᠠ᠃   5. ᠪᠦᠬᠦ ᠬᠤᠰᠢᠭᠤᠨ  ᠤ ᠨᠡᠶᠢᠭᠡᠮ  ᠤᠨ ᠳᠣᠭᠲᠠᠮᠠᠯ ᠬᠦᠷᠥᠩᠬᠡ  ᠶᠢᠨ ᠪᠡᠯᠡ ᠣᠷᠣᠭᠤᠯᠣᠯᠲᠠ  ᠶᠢᠨ ᠶᠡᠷᠥᠩᠬᠡᠢ ᠬᠡᠪᠴᠢᠶ᠎ᠡ  ᠶᠢ ᠰᠣᠳᠣᠯᠣᠨ ᠳᠣᠷᠠᠳᠣᠨ᠎ᠠ᠃ ᠪᠦᠬᠦ ᠨᠡᠶᠢᠭᠡᠮ  ᠤᠨ ᠪᠡᠯᠡ ᠬᠦᠷᠥᠩᠭᠡ  ᠶᠢᠨ ᠲᠡᠩᠴᠡᠭᠦᠷᠢ  ᠶᠢᠨ  ᠲᠥᠯᠥᠪᠯᠡᠭᠡ  ᠶᠢ ᠵᠤᠬᠢᠶᠠᠨ ᠪᠠᠶᠢᠭᠤᠯᠵᠤ ᠨᠠᠶᠢᠷᠠᠭᠤᠯᠤᠨ᠎ᠠ᠃ ᠬᠠᠮᠢᠶ᠎ᠠ ᠪᠦᠬᠦᠢ ᠰᠠᠯᠠᠭ᠎ᠠ ᠮᠥᠴᠢᠷ  ᠤᠨ ᠥᠨᠳᠤᠰᠤᠨ ᠪᠦᠳᠦᠭᠡᠨ ᠪᠠᠶᠢᠭᠤᠯᠤᠯᠲᠠ  ᠶᠢᠨ ᠲᠥᠷᠦᠯ ᠵᠦᠢᠯ  ᠤᠨ ᠣᠨ  ᠤ ᠲᠥᠯᠥᠪᠯᠡᠭᠡ ᠶᠢᠨ ᠬᠡᠷᠡᠭᠵᠢᠭᠦᠯᠦᠯᠲᠡ  ᠶᠢ ᠵᠣᠬᠢᠴᠠᠭᠤᠯᠣᠨ᠎ᠠ᠃ ᠵᠠᠰᠠᠭ  ᠤᠨ ᠣᠷᠳᠣᠨ  ᠤ ᠪᠡᠯᠡ ᠣᠷᠣᠭᠤᠯᠬᠤ  ᠢᠨᠵᠧᠨᠧᠷᠢᠩ ᠤᠨ ᠪᠦᠳᠦᠭᠡᠨ ᠪᠠᠶᠢᠭᠤᠯᠤᠯᠲᠠ ᠎ ᠶᠢᠨ  ᠬᠢᠨᠠᠯᠲᠠ ᠲᠠᠯᠪᠢᠨ ᠪᠠᠶᠢᠴᠠᠭᠠᠬᠤ  ᠳᠤ ᠣᠷᠣᠯᠴᠠᠨ᠎ᠠ᠃   6. ᠶᠡᠭᠡ ᠳᠣᠮᠳᠠ ᠬᠡᠯᠪᠡᠷᠢ  ᠶᠢᠨ ᠰᠠᠭᠤᠷᠢ ᠪᠦᠲᠦᠭᠡᠨ ᠪᠠᠶᠢᠭᠤᠯᠤᠯᠲᠠ  ᠶᠢᠨ ᠲᠦᠷᠦᠯ ᠵᠦᠢᠯ  ᠢ ᠬᠢᠨᠠᠨ  ᠪᠠᠶᠢᠴᠠᠭᠠᠵᠤ ᠲᠠᠮᠵᠢᠭᠤᠯᠤᠨ ᠮᠡᠳᠡᠭᠦᠯᠦᠨ᠎ᠡ᠃ ᠣᠯᠣᠰ ᠪᠠ ᠰᠢᠯᠢ  ᠶᠢᠨ ᠭᠤᠣᠯ ᠠᠶᠢᠮᠠᠭ  ᠤᠨ ᠪᠡᠯᠡ ᠣᠷᠣᠭᠤᠯᠣᠭᠰᠠᠨ  ᠴᠢᠬᠤᠯᠠ ᠶᠡᠭᠡ ᠪᠦᠳᠦᠭᠡᠨ ᠪᠠᠶᠢᠭᠤᠯᠤᠯᠲᠠ ᠶᠢᠨ ᠲᠦᠷᠦᠯ ᠷᠦᠢᠯ  ᠤᠨ  ᠢᠨᠵᠧᠨᠧᠷᠢᠩ ᠤᠨ ᠲᠠᠭᠠᠭᠠᠴᠢᠯᠠᠯᠲᠠ ᠵᠠᠷᠯᠠᠬᠤ᠂  ᠪᠡᠯᠡ ᠮᠥᠩᠭᠦ ᠬᠡᠷᠡᠭᠰᠡᠬᠦ ᠵᠢᠴᠢ ᠪᠡᠯᠡ ᠣᠷᠣᠭᠤᠯᠣᠯᠲᠠ  ᠶᠢᠨ ᠳᠣᠶᠢᠮᠤ ᠲᠥᠰᠥᠪ  ᠎ ᠲᠤ ᠬᠢᠨᠠᠯᠲᠠ ᠲᠠᠯᠪᠢᠨ᠎ᠠ᠃   7.  ᠰᠢᠨᠵᠢᠯᠡᠭᠡ ᠮᠡᠷᠭᠡᠵᠢᠯ᠂ ᠰᠣᠶᠣᠯ ᠰᠣᠷᠭᠠᠨ ᠬᠥᠮᠥᠵᠢᠯ᠂  ᠡᠷᠡᠭᠦᠯ ᠬᠠᠮᠠᠭᠠᠯᠠᠯ ᠵᠡᠷᠬᠡ ᠨᠡᠶᠢᠭᠡᠮ  ᠤᠨ ᠠᠵᠢᠯ ᠣᠶᠢᠯᠡᠰ ᠪᠠ ᠪᠦᠬᠦᠶᠢᠯᠡ ᠣᠯᠣᠰ ᠠᠷᠠᠳ  ᠤᠨ ᠠᠵᠦ ᠠᠬᠤᠢ  ᠶᠢᠨ ᠨᠡᠶᠢᠭᠡᠮ  ᠤᠨ ᠬᠥᠭᠵᠢᠯᠲᠡ ᠶᠢᠨ  ᠲᠡᠩᠴᠡᠬᠦᠷᠢᠰᠢᠯ ᠢ ᠰᠠᠶᠢᠨ ᠬᠢᠵᠦ᠂ ᠠᠵᠦ ᠠᠬᠤᠢ ᠪᠠ ᠨᠡᠶᠢᠭᠡᠮ  ᠤᠨ ᠵᠣᠬᠢᠴᠠᠩᠭᠤᠢ ᠬᠥᠭᠵᠢᠯᠲᠡ᠂ ᠬᠠᠷᠢᠯᠴᠠᠨ ᠠᠬᠢᠭᠤᠯᠬᠤ ᠠᠷᠭ᠎ᠠ  ᠠᠪᠴᠢᠯ ᠢ ᠳᠣᠷᠠᠳᠣᠨ  ᠂ ᠡᠯ᠎ᠡ ᠳᠦᠷᠦᠯ  ᠤᠨ ᠨᠡᠶᠢᠭᠡᠮ  ᠤᠨ ᠠᠵᠢᠯ ᠤᠶᠢᠯᠡᠰ  ᠤᠨ ᠭᠥᠭᠵᠢᠯᠲᠡ  ᠎ ᠳᠠᠬᠢ ᠴᠢᠬᠤᠯᠠ ᠶᠡᠭᠡ ᠠᠰᠠᠭᠤᠳᠠᠯ  ᠢ ᠵᠣᠬᠢᠴᠠᠭᠤᠯᠣᠨ᠎ᠠ᠃   8. ᠪᠦᠬᠦ ᠬᠤᠰᠢᠭᠤᠨ ᠤ ᠠᠵᠢᠯ ᠲᠦᠷᠦᠯ  ᠤᠨ  ᠪᠠᠶᠢᠯᠳᠣᠬᠤ ᠪᠣᠳᠣᠯᠭ᠎ᠠ  ᠶᠢᠨ ᠴᠢᠨᠠᠷᠲᠠᠢ ᠪᠦᠲᠦᠴᠡ ᠶᠢᠨ ᠲᠣᠬᠢᠷᠠᠭᠤᠯᠣᠯᠲᠠ ᠪᠠ ᠲᠡᠰ  ᠲᠡᠪᠰᠢᠬᠦᠯᠦᠯᠳᠡ ᠶᠢ ᠲᠥᠯᠬᠢᠨ ᠠᠬᠢᠭᠤᠯᠵᠦ᠂  ᠣᠯᠣᠰ ᠠᠷᠠᠳ  ᠤᠨ ᠠᠵᠦ ᠠᠬᠤᠢ ᠎ ᠶᠢᠨ ᠴᠢᠬᠤᠯᠠ ᠪᠦᠳᠦᠭᠡᠭᠲᠡᠭᠦᠨ  ᠤ ᠬᠥᠭᠵᠢᠯᠲᠡ  ᠶᠢᠨ ᠪᠠᠶᠢᠯᠳᠤᠬᠤ ᠪᠣᠳᠣᠯᠭ᠎ᠠ ᠪᠠ ᠲᠥᠯᠥᠪᠵᠢᠭᠦᠯᠭᠡ  ᠶᠢ ᠲᠣᠷᠠᠳᠣᠨ ᠭᠠᠷᠭᠠᠨ᠎ᠠ᠃ ᠪᠦᠬᠦ ᠬᠤᠰᠢᠭᠤᠨ  ᠤ ᠲᠠᠷᠢᠶᠠᠯᠠᠩ ᠮᠠᠯ ᠠᠵᠦ ᠠᠬᠤᠢ  ᠶᠢᠨ ᠬᠥᠭᠵᠢᠯᠲᠡ  ᠶᠢᠨ ᠬᠠᠮᠢᠶ᠎ᠠ ᠪᠦᠬᠦᠢ ᠬᠥᠨᠳᠦ ᠴᠢᠬᠤᠯᠠ ᠠᠰᠠᠭᠤᠳᠠᠯ  ᠢ ᠰᠣᠳᠣᠯᠣᠨ ᠵᠣᠬᠢᠴᠠᠭᠤᠯᠵᠦ᠂ ᠲᠠᠷᠢᠶᠠᠯᠠᠩ ᠮᠠᠯ ᠠᠵᠦ ᠠᠬᠤᠢ  ᠶᠢᠨ ᠳᠣᠰᠬᠠᠢ ᠲᠦᠷᠦᠯ  ᠤᠨ ᠲᠦᠯᠦᠪᠵᠢᠭᠦᠯᠭᠡ ᠪᠠ ᠲᠥᠷᠥ  ᠶᠢᠨ ᠪᠣᠳᠣᠯᠭ᠎ᠠ ᠂ ᠠᠮᠢ ᠠᠬᠤᠢ  ᠶᠢᠨ ᠪᠦᠳᠦᠭᠡᠨ ᠪᠠᠶᠢᠭᠤᠯᠤᠯᠲᠠ  ᠶᠢᠨ ᠲᠥᠯᠥᠪᠵᠢᠭᠦᠯᠭᠡ  ᠶᠢ ᠲᠣᠭᠳᠠᠭᠠᠬᠤ  ᠶᠢᠨ ᠬᠠᠮᠲᠤ  ᠵᠣᠬᠢᠴᠠᠭᠤᠯᠵᠤ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ  ᠃   9. ᠬᠤᠲᠠ ᠪᠠᠯᠭᠠᠰᠤᠵᠢᠭᠰᠠᠨ  ᠬᠥᠭᠵᠢᠯᠲᠡ ᠶᠢᠨ ᠪᠠᠶᠢᠳᠠᠯ ᠢ ᠰᠣᠳᠣᠯᠣᠨ ᠵᠠᠳᠠᠯᠵᠤ᠂ ᠬᠤᠲᠠ ᠪᠠᠯᠭᠠᠰᠤᠵᠢᠭᠰᠠᠨ  ᠬᠥᠭᠵᠢᠯᠲᠡ  ᠶᠢᠨ ᠪᠠᠶᠢᠯᠳᠣᠬᠤ ᠪᠣᠳᠣᠯᠭ᠎ᠠ ᠵᠢᠴᠢ ᠬᠦᠨᠳᠦ ᠴᠢᠬᠤᠯᠠ ᠲᠥᠷᠥ  ᠶᠢᠨ ᠪᠣᠳᠣᠯᠭ᠎ᠠ  ᠶᠢᠨ ᠠᠷᠭ᠎ᠠ ᠠᠪᠴᠢᠯ  ᠢ ᠳᠣᠷᠠᠳᠣᠨ᠂ ᠭᠠᠵᠠᠷ ᠣᠷᠣᠨ  ᠤ ᠠᠵᠦ ᠠᠬᠤᠢ  ᠶᠢᠨ ᠬᠠᠮᠵᠢᠯᠴᠠᠨ ᠠᠵᠢᠯᠯᠠᠬᠤ  ᠶᠢ ᠨᠢᠭᠡᠳᠦᠯᠲᠡᠢ  ᠲᠦᠯᠦᠪᠯᠡᠵᠦ᠂  ᠵᠤᠬᠢᠴᠠᠭᠤᠯᠵᠤ᠂ ᠵᠢᠯᠤᠭᠤᠳᠤᠨ᠎ᠠ᠃ ᠪᠦᠬᠦ ᠬᠤᠰᠢᠭᠤᠨ  ᠤ ︽ᠪᠠᠷᠠᠭᠤᠨ ᠣᠷᠣᠨ  ᠢ ᠶᠡᠭᠡ  ᠪᠠᠷ ᠨᠡᠭᠡᠭᠡᠨ  ᠬᠦᠭᠵᠢᠬᠦᠯᠬᠦ︾ ᠪᠠᠶᠢᠯᠳᠣᠬᠤ ᠪᠣᠳᠣᠯᠭ᠎ᠠ  ᠎ ᠶᠢᠨ ᠭᠡᠷᠡᠭᠵᠢᠬᠦᠯᠦᠯᠳᠡ ᠶᠢ ᠵᠣᠬᠢᠶᠠᠨ ᠪᠠᠶᠢᠭᠤᠯᠵᠤ  ᠵᠣᠬᠢᠴᠠᠭᠤᠯᠤᠨ᠂ ᠲᠦᠯᠦᠪᠵᠢᠭᠦᠯᠭᠡ ᠲᠣᠭᠲᠠᠭᠠᠬᠤ  ᠂ ᠲᠥᠷᠥ  ᠶᠢᠨ ᠪᠣᠳᠣᠯᠭ᠎ᠠ  ᠰᠤᠳᠤᠯᠬᠤ ᠠᠵᠢᠯ  ᠢ ᠰᠠᠶᠢᠳᠦᠷ ᠬᠢᠨ᠎ᠡ᠃   10. ᠪᠦᠬᠦ ᠬᠤᠰᠢᠭᠤᠨ  ᠤ ᠭᠠᠳᠠᠭᠠᠳᠣ ᠯᠤᠭ᠎ᠠ  ᠶᠢᠨ ᠠᠷᠠᠯᠵᠢᠶ᠎ᠠ᠂ ᠠᠵᠦ ᠠᠬᠤᠢ  ᠶᠢᠨ ᠮᠡᠷᠭᠡᠵᠢᠯ  ᠤᠨ ᠬᠠᠮᠵᠢᠯᠴᠠᠭ᠎ᠠ ᠪᠠ ᠭᠠᠳᠠᠭᠠᠳᠣ ᠪᠡᠯᠡ  ᠶᠢ ᠠᠰᠢᠭᠯᠠᠬᠤ ᠬᠥᠭᠵᠢᠯᠲᠡ  ᠶᠢᠨ ᠪᠠᠶᠢᠯᠳᠣᠬᠤ ᠪᠣᠳᠣᠯᠭ᠎ᠠ  ᠶᠢ ᠰᠣᠳᠣᠯᠣᠨ ᠳᠣᠷᠠᠳᠣᠨ᠎ᠠ᠃ ᠪᠦᠬᠦ ᠬᠤᠰᠢᠭᠤᠨ  ᠤ ᠠᠷᠠᠯᠵᠢᠶᠠᠴᠢᠨ ᠣᠷᠢᠵᠤ ᠪᠡᠯᠡ ᠣᠷᠣᠭᠤᠯᠬᠤ ᠠᠵᠢᠯ  ᠢ ᠨᠢᠭᠡᠳᠤᠯᠲᠠᠢ ᠲᠥᠯᠥᠪᠯᠡᠬᠦ ᠪᠠ ᠵᠢᠯᠤᠭᠤᠳᠴᠤ᠂ ᠵᠠᠬ᠎ᠠ ᠳᠡᠯᠭᠡᠭᠦᠷ  ᠤᠨ ᠬᠠᠩᠭᠠᠯᠭ᠎ᠠ ᠬᠡᠷᠡᠭᠴᠡᠭᠡᠨ  ᠤ ᠪᠠᠶᠢᠳᠠᠯ᠂ ᠬᠥᠭᠵᠢᠯᠲᠡ ᠶᠢᠨ ᠪᠠᠶᠢᠯᠳᠣᠬᠤ ᠪᠣᠳᠣᠯᠭ᠎ᠠ ᠪᠠ ᠲᠥᠯᠥᠪᠵᠢᠭᠦᠯᠭᠡ  ᠶᠢ ᠰᠣᠳᠣᠯᠣᠨ ᠵᠠᠳᠠᠯᠣᠨ᠎ᠠ᠃   11. ᠬᠤᠰᠢᠭᠤ  ᠨᠠᠮ ᠵᠠᠰᠠᠭ  ᠵᠢᠴᠢ ᠳᠡᠭᠡᠷ᠎ᠡ ᠱᠠᠲᠣᠨ  ᠤ ᠳᠣᠬᠠᠶᠢᠯᠠᠭᠰᠠᠨ ᠠᠵᠢᠯ  ᠤᠨ ᠰᠠᠯᠠᠭ᠎ᠠ ᠮᠥᠴᠢᠷ ᠎ ᠤᠨ  ᠲᠤᠰᠢᠶᠠᠭᠰᠠᠨ ᠪᠣᠰᠣᠳ ᠠᠵᠢᠯ  ᠢ  ᠪᠡᠶᠡᠯᠡᠭᠦᠯᠦᠨ᠎ᠡ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号