ᠠᠮᠤ ᠪᠤᠳᠠᠭᠠᠨ ᠤ ᠲᠠᠷᠢᠮᠠᠯ ᠤᠨ ᠲᠠᠯᠠᠪᠠᠶ 97.7 ᠲᠦᠮᠡᠨ ᠮᠦ ᠳᠤ ᠬᠦᠷᠴᠦ ᠂ ᠠᠮᠤ ᠪᠤᠳᠠᠭᠠᠨ ᠤ ᠶᠡᠷᠦᠩᠬᠡᠢ | ᠤᠨᠠᠯᠲᠠ 32 ᠲᠦᠮᠡᠨ ᠲᠣᠨ ᠳᠤ ᠬᠦᠷᠦᠭᠰᠡᠨ᠃ 2 ᠲᠦᠮᠡᠨ ᠮᠦ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠢ | ᠰᠢᠨ᠎ᠡ ᠪᠠᠷ ᠪᠠᠶᠢᠭᠤᠯᠵᠤ᠂ 5.4 ᠲᠦᠮᠡᠨ ᠮᠦ ᠲᠠᠷᠢᠶᠠᠨ ᠭᠠᠵᠠᠷ ᠢ ᠮᠠᠰᠢᠨ ᠮᠧᠬᠠᠨᠢᠭ ᠢᠶᠠᠷ ᠰᠤᠯᠠᠯᠠᠨ ᠲᠡᠭᠰᠢᠯᠡᠵᠦ᠂ | 2 ᠲᠣᠰᠬᠤᠨ ᠢ ᠥᠨᠳᠥᠷ ᠤᠨᠠᠯᠳᠠᠳᠤ ᠮᠡᠷᠭᠡᠵᠢᠯ ᠤᠨ ᠵᠢᠱᠢᠶ᠎ᠡ ᠦᠵᠡᠭᠦᠯᠬᠦ ᠴᠡᠭ ᠪᠤᠯᠭᠠᠨ᠂ ᠲᠥᠮᠥᠰᠥ᠂ | ᠬᠤᠮᠠ ᠶᠢᠨ ᠴᠢᠨᠠᠷ ᠰᠠᠶᠢᠲᠠᠢ ᠥᠨᠳᠥᠷ ᠦᠷ᠎ᠡ ᠪᠦᠲᠦᠮᠵᠢᠲᠡᠶ ᠠᠮᠤ ᠪᠤᠳᠠᠭ᠎ᠠ ᠨᠡᠮᠡᠭᠳᠡᠭᠦᠯᠬᠦ ᠵᠢᠱᠢᠶ᠎ᠡ ᠦᠵᠡᠭᠦᠯᠬᠦ | ᠣᠷᠣᠨ 2᠂ ᠪᠣᠬᠢᠷᠲᠤᠯ ᠦᠭᠡᠢ ᠴᠢᠨᠠᠷ ᠰᠠᠶᠢᠲᠠᠢ ᠠᠰᠢᠭ ᠶᠡᠭᠡᠳᠡᠢ ᠲᠦᠮᠡᠨ ᠮᠦ ᠶᠢᠨ ᠲᠦᠮᠦᠰᠦ ᠲᠠᠷᠢᠬᠤ ᠲᠠᠯᠠᠪᠠᠢ | 2 ᠂ ᠮᠢᠩᠭᠠᠨ ᠮᠦ ᠶᠢᠨ ᠲᠠᠯᠠᠪᠠᠢ 16᠂ ᠵᠠᠭᠤᠨ ᠮᠦ ᠶᠢᠨ ᠲᠠᠯᠠᠪᠠᠢ 5 ᠶᠢ ᠪᠠᠶᠢᠭᠤᠯᠵᠤ᠂ ᠲᠦᠮᠦᠰᠦᠨ ᠤ ᠲᠠᠯᠠᠪᠠᠶ | ᠨᠢᠭᠡᠴᠢ ᠶᠢᠨ ᠤᠨᠠᠯᠲᠠ 5600 ᠺᠢᠯᠣᠭ᠍ᠷᠠᠮ ᠲᠠᠪᠠᠵᠠᠢ᠃ ᠮᠢᠬᠠᠨ ᠤ ᠦᠬᠡᠷ 15.1 ᠲᠦᠮᠡᠨ ᠲᠣᠯᠣᠭᠠᠢ᠂ | ᠰᠠᠶᠢᠨ ᠡᠭᠦᠯᠳᠡᠷ ᠤᠨ ᠦᠨᠢᠶ᠎ᠡ 9 ᠲᠦᠮᠡᠨ ᠲᠤᠯᠤᠭᠠᠢ ᠳᠤ ᠬᠦᠷᠴᠦ᠂ 8.4 ᠲᠦᠮᠡᠨ ᠮᠢᠬᠠᠨ ᠤ ᠦᠬᠡᠷ᠂ 1014 | ᠰᠠᠭᠠᠯᠢ ᠶᠢᠨ ᠦᠨᠢᠶ᠎ᠡ ᠳᠤ ᠢᠴᠢᠭᠡᠯ ᠦᠷ᠎ᠡ ᠶᠢᠨ ᠬᠡᠬᠡᠯᠳᠦᠬᠦᠯᠭᠡ ᠬᠢᠵᠦ᠂ ᠬᠡᠭᠡᠯᠲᠦᠭᠰᠡᠨ ᠨᠣᠷᠮ᠎ᠠ 90 % ᠶᠢ | ᠲᠠᠪᠠᠭᠰᠠᠨ ᠪᠠᠶᠢᠨ᠎ᠠ᠃ 5.7 ᠲᠦᠮᠡᠨ ᠬᠠᠪᠳᠠᠭᠠᠢ ᠳᠥᠷᠪᠡᠯᠵᠢᠨ ᠮᠧᠲᠷ ᠪᠠᠷᠢᠮᠵᠢᠶᠠᠵᠢᠭᠰᠠᠨ ᠫᠧᠩ ᠰᠠᠷᠠᠪᠴᠢ ᠶᠢ | ᠰᠢᠨ᠎ᠡ ᠪᠠᠷ ᠪᠠᠶᠢᠭᠤᠯᠤᠨ᠂ 1000 ᠬᠠᠪᠳᠠᠭᠠᠢ ᠳᠥᠷᠪᠡᠯᠵᠢᠨ ᠮᠧᠲᠷ ᠳᠤᠯᠠᠭᠠᠨ ᠰᠠᠷᠠᠪᠴᠢ᠂ 5.1 ᠲᠦᠮᠡᠨ | ᠬᠠᠪᠳᠠᠭᠠᠢ ᠳᠥᠷᠪᠡᠯᠵᠢᠨ ᠮᠧᠲᠷ ᠡᠪᠡᠰᠦ ᠬᠠᠳᠠᠭᠠᠯᠠᠬᠤ ᠰᠠᠷᠠᠪᠴᠢ᠂ 4.9 ᠲᠦᠮᠡᠨ ᠪᠣᠰᠤᠭ᠎ᠠ ᠳᠥᠷᠪᠡᠯᠵᠢᠨ ᠮᠧᠲᠷ | ᠨᠣᠭᠤᠭᠠᠨ ᠳᠠᠷᠤᠰᠢ ᠶᠢᠨ ᠵᠣᠭᠤᠷᠢ ᠶᠢ ᠥᠭᠡᠷᠡᠴᠢᠯᠡᠵᠦ ᠥᠷᠭᠡᠳᠬᠡᠨ ᠪᠠᠶᠢᠭᠤᠯᠪᠠ᠃ ᠮᠠᠯᠴᠢᠨ ᠲᠠᠷᠢᠶᠠᠴᠢᠨ ᠤ | ᠲᠤᠰᠬᠠᠢ ᠬᠤᠷᠰᠢᠶᠠᠵᠢᠯ 2᠂ ᠭᠡᠷ ᠪᠦᠯᠢ ᠶᠢᠨ ᠲᠠᠷᠢᠶᠠᠯᠠᠩ ᠮᠠᠯᠵᠢᠯ ᠤᠨ ᠲᠠᠯᠠᠪᠠᠶ 163 ᠶᠢ ᠰᠢᠨ᠎ᠡ ᠪᠠᠷ | ᠪᠤᠶᠢᠵᠢᠭᠤᠯᠤᠭᠠᠳ᠂ ᠲᠠᠷᠢᠶᠠᠯᠠᠩ ᠮᠠᠯ ᠠᠵᠤ ᠠᠬᠤᠢ ᠶᠢᠨ ᠲᠠᠭᠠᠭᠤᠯᠤᠭᠴᠢ ᠠᠵᠤ ᠠᠬᠤᠶᠢᠯᠠᠯ 10᠂ ᠲᠤᠰᠬᠠᠢ | ᠬᠤᠷᠰᠢᠶᠠᠵᠢᠯ 429 ᠂ ᠭᠡᠷ ᠪᠦᠯᠢ ᠶᠢᠨ ᠲᠠᠷᠢᠶᠠᠯᠠᠩ ᠮᠠᠯᠵᠢᠯ ᠤᠨ ᠲᠠᠯᠠᠪᠠᠶ 1450 ᠪᠤᠯᠵᠠᠢ᠃ |