︽ ᠰᠤᠨᠤᠰᠤᠯ᠎ᠠ︕ ᠰᠤᠨᠤᠰᠤᠯ᠎ᠠ︕ ᠤᠯᠵᠤ ᠰᠤᠨᠤᠰᠤᠯ᠎ᠠ︾᠂᠂᠂᠂᠂᠂ ᠲᠠᠶᠢᠹᠤᠰᠧ ᠬᠤᠰᠢᠭᠤᠨ ᠤ | ᠴᠡᠷᠢᠭ ᠤᠨ ᠠᠯᠪᠠ ᠠᠴᠠ ᠬᠠᠯᠠᠭᠳᠠᠭᠰᠠᠳ ᠤᠨ ᠦᠢᠯᠡᠴᠢᠯᠡᠭᠡᠨ ᠤ ᠲᠥᠪ ᠤᠨ ᠶᠡᠭᠡ ᠲᠢᠩᠬᠢᠮ ᠳᠤ ᠨᠢᠬᠡᠨ ᠨᠠᠰᠤᠳᠠᠨ | ᠠᠵᠢᠯᠳᠠᠨ ᠤ ᠵᠡᠬᠦᠯᠭᠡᠭᠰᠡᠨ ᠰᠣᠨᠣᠷ ᠲᠤᠳᠤᠤᠡᠬᠠᠭᠤᠷ ᠢ ᠵᠡᠬᠦᠭᠡᠳ ︽ᠰᠤᠨᠤᠷ ᠢᠶᠠᠨ ᠠᠯᠳᠠᠭᠠᠳ ᠭᠤᠴᠢᠭᠠᠳ ᠵᠢᠯ | ᠪᠤᠯᠵᠤ ᠪᠤᠢ ᠰᠢᠦ᠂ ᠦᠨᠦᠳᠦᠷ ᠦᠨᠡᠭᠡᠷ ᠲᠠᠨᠤᠰ ᠤᠨ ᠶᠠᠷᠢᠬᠤ ᠳᠠᠭᠤ ᠶᠢ ᠤᠯᠵᠤ ᠰᠤᠨᠤᠰᠤᠯ᠎ᠠ︕︾ ᠭᠡᠵᠦ | ᠰᠡᠳᠬᠢᠯ ᠲᠤᠭᠳᠤᠯᠬᠤ ᠳᠠᠭᠠᠨ ᠦᠨᠳᠦᠷ ᠲᠠᠭᠤᠨ ᠢᠶᠠᠷ ᠬᠠᠰᠬᠢᠷᠴᠤ ᠭᠠᠷᠤᠯ᠎ᠠ ᠃ | ᠣᠶᠢᠯᠠᠭᠠᠭᠰᠠᠨ ᠢᠶᠠᠷ᠂ ᠲᠠᠶᠢᠹᠤᠰᠧ ᠬᠤᠰᠢᠭᠤᠨ ᠤ ᠬᠢᠨ ᠡᠨᠡ ᠤᠳᠠᠭ᠎ᠠ ᠳᠤᠮᠳᠠᠳᠤ ᠤᠯᠤᠰ ᠤᠨ | ᠨᠠᠰᠤᠲᠠᠶᠢᠴᠤᠳ ᠤᠨ ᠦᠢᠯᠡᠰ ᠢ ᠬᠦᠭᠵᠢᠬᠦᠯᠬᠦ ᠰᠠᠭᠤᠷᠢ ᠮᠥᠩᠭᠦᠨ ᠤ ᠨᠡᠶᠢᠭᠡᠮᠯᠢᠭ ᠠᠴᠠ ᠨᠢᠭᠡ ᠪᠦᠯᠦᠭ ᠰᠣᠨᠣᠷ | ᠲᠤᠳᠤᠤᠡᠬᠠᠭᠤᠷ ᠢ ᠡᠷᠡᠮᠡᠯᠵᠡᠯᠡᠨ ᠤᠯᠵᠤ᠂ 12 ᠨᠡᠷ᠎ᠡ ᠴᠡᠷᠢᠭ ᠤᠨ ᠠᠯᠪᠠ ᠠᠴᠠ ᠬᠠᠯᠠᠭᠳᠠᠭᠰᠠᠨ ᠠᠬᠠᠮᠠᠳ | ᠪᠠᠶᠢᠯᠳᠤᠭᠴᠢ ᠳᠤ ᠬᠠᠨᠳᠢᠪᠯᠠᠭᠰᠠᠨ ᠪᠠᠶᠢᠨ᠎ᠠ᠃ ᠠᠬᠤᠢ ᠲᠠᠯᠠᠪᠠᠢ ᠳᠤ ᠲᠤᠷᠰᠢᠨ ᠵᠡᠬᠦᠯᠬᠡᠬᠦ ᠠᠴᠠ ᠭᠠᠳᠠᠨ᠎ᠠ᠂ | ᠦᠢᠯᠡᠴᠢᠯᠡᠭᠡ ᠶᠢ ᠤᠯᠠᠮ ᠰᠠᠶᠢᠨ ᠬᠢᠬᠦ ᠶᠢᠨ ᠲᠥᠯᠥᠭᠡ᠂ ᠴᠡᠷᠢᠭ ᠤᠨ ᠠᠯᠪᠠ ᠠᠴᠠ ᠬᠠᠯᠠᠭᠳᠠᠭᠰᠠᠳ ᠤᠨ ᠲᠤᠪᠴᠢᠶ᠎ᠠ | ᠨᠢ ᠬᠥᠳᠡᠯᠵᠦ ᠪᠠᠷᠢᠬᠤ ᠳᠤ ᠳᠥᠭᠦᠮ ᠦᠭᠡᠢ ᠵᠠᠷᠢᠮ ᠨᠠᠰᠤᠳᠠᠨ ᠤ ᠬᠡᠷ ᠲᠤᠨᠢ ᠬᠦᠷᠴᠦ᠂ ᠰᠣᠨᠣᠷ ᠲᠤᠳᠤᠤᠡᠬᠠᠭᠤᠷ | ᠢ ᠵᠡᠬᠦᠯᠭᠡᠨ ᠦᠭᠴᠡᠢ᠃ | 2023 ᠣᠨ ᠳᠤ᠂ ᠴᠡᠷᠢᠭ ᠤᠨ ᠠᠯᠪᠠ ᠠᠴᠠ ᠬᠠᠯᠠᠭᠳᠠᠭᠰᠠᠳ ᠤᠨ ᠶᠠᠮᠤᠨ ᠤ ᠵᠢᠯᠣᠭᠤᠳᠣᠯᠭ᠎ᠠ ᠳᠣᠤᠷ᠎ᠠ᠂ | ᠳᠤᠮᠳᠠᠳᠤ ᠤᠯᠤᠰ ᠤᠨ ᠨᠠᠰᠤᠲᠠᠶᠢᠴᠤᠳ ᠤᠨ ᠦᠢᠯᠡᠰ ᠢ ᠬᠦᠭᠵᠢᠬᠦᠯᠬᠦ ᠰᠠᠭᠤᠷᠢ ᠮᠥᠩᠭᠦᠨ ᠤ ᠨᠡᠶᠢᠭᠡᠮᠯᠢᠭ ᠨᠢ | ᠲᠧᠩ ᠰᠢᠶᠦ᠋ᠨ SSV ᠴᠠᠭ ᠦᠶ᠎ᠡ ᠶᠢᠨ ᠲᠤᠷᠰᠢᠯᠲᠠ ᠶᠢᠨ ᠲᠠᠰᠤᠭ ᠲᠠᠢ ᠬᠠᠮᠲᠤᠷᠠᠨ᠂ ᠭᠡᠰᠡᠭ ᠮᠤᠵᠢ | ᠤᠷᠤᠨ ᠳᠤ ︽ᠠᠬᠠᠮᠠᠳ ᠪᠠᠶᠢᠯᠳᠤᠭᠴᠢ ᠶᠢᠨ ᠰᠤᠨᠤᠷ ᠢ ᠰᠡᠷᠬᠦᠬᠡᠬᠦ︾ ᠬᠠᠶᠢᠷ᠎ᠠ ᠬᠠᠯᠠᠮᠵᠢ ᠶᠢᠨ ᠲᠥᠷᠥᠯ ᠵᠦᠢᠯ ᠢ | ᠲᠤᠷᠰᠢᠨ ᠭᠡᠷᠡᠭᠵᠢᠬᠦᠯᠦᠭᠡᠳ ᠂ 2000 ᠭᠠᠷᠤᠢ ᠠᠬᠠᠮᠠᠳ ᠴᠡᠷᠢᠭ ᠢ ᠬᠠᠪᠰᠤᠷᠤᠨ ᠴᠢᠬᠢᠨ ᠤ ᠰᠤᠨᠤᠷ ᠢ ᠨᠢ | ᠰᠡᠷᠬᠦᠬᠡᠵᠡᠢ᠃ 2024 ᠣᠨ ᠳᠤ᠂ ᠲᠣᠰ ᠲᠥᠷᠥᠯ ᠵᠦᠢᠯ ᠢ ᠲᠥᠪᠡᠳ᠂ ᠥᠪᠥᠷ ᠮᠣᠩᠭᠤᠯ᠂ ᠵᠢᠶᠠᠩᠰᠢ᠂ | ᠠᠨᠾᠦ᠋ᠢ᠂ ᠹᠦᠵᠢᠶᠠᠨ᠂ ᠰᠧᠴᠤᠸᠠᠨ᠂ ᠶᠦᠨᠨᠠᠨ᠂ ᠬᠤᠪᠸᠢ᠂ ᠱᠠᠨᠳᠦ᠋ᠩ᠂ ᠯᠢᠶᠣᠤᠨᠢᠩ ᠵᠡᠷᠭᠡ 10 ᠮᠤᠵᠢ | ᠣᠷᠣᠨ ᠳᠤ ᠦᠷᠬᠦᠯᠵᠢᠯᠡᠨ ᠭᠡᠷᠡᠭᠵᠢᠬᠦᠯᠵᠦ᠂ 5000 ᠰᠢᠬᠠᠮ ᠠᠬᠠᠮᠠᠳ ᠴᠡᠷᠢᠭ ᠲᠤ ᠰᠣᠨᠣᠷ ᠲᠤᠳᠤᠳᠬᠠᠭᠤᠷ | ᠬᠠᠨᠳᠢᠪᠯᠠᠭᠰᠠ ᠪᠠᠶᠢᠨ᠎ᠠ᠃ |