ᠲᠡᠮᠡᠭᠡᠨ ᠬᠢᠷᠭᠤᠤᠯ ᠲᠡᠵᠢᠬᠡᠵᠦ ᠪᠠᠶᠠᠵᠢᠯ ᠤᠨ ᠵᠠᠮ ᠳᠤ ᠠᠯᠬᠤᠨ᠎ᠠ
ᠨᠡᠶᠢᠲᠡᠯᠡᠭᠰᠡᠨ ᠴᠠᠭ᠄
2024/12/16
   ᠪᠤᠤᠴᠠᠩ ᠪᠠᠯᠭᠠᠰᠤᠨ ᠤ ᠹᠦ᠋ ᠰᠢᠩ ᠲᠣᠰᠬᠤᠨ ᠳᠤ ᠲᠡᠮᠡᠭᠡᠨ ᠬᠢᠷᠭᠤᠤᠯ ᠲᠡᠵᠢᠭᠡᠨ ᠦᠷᠡᠵᠢᠬᠦᠯᠦᠭᠡᠳ ᠠᠮᠵᠢᠯᠳᠠ ᠤᠯᠤᠯ᠎ᠠ ᠭᠡᠳᠡᠭ ᠴᠢᠮᠡᠭᠡ ᠶᠢ ᠲᠤᠭᠤᠯᠤᠭᠠᠳ ᠰᠤᠨᠢᠭᠤᠴᠢ ᠵᠠᠩ ᠲᠠᠢ ᠰᠤᠷᠪᠤᠯᠵᠢᠯᠠᠭᠴᠢ ᠹᠦ᠋ ᠰᠢᠩ ᠲᠤᠰᠬᠤᠨ ᠢ ᠵᠤᠷᠢᠵᠤ ᠬᠦᠷᠦᠯ᠎ᠡ᠃ ᠬᠤᠩ ᠮᠠᠢ ᠲᠡᠮᠡᠭᠡᠨ ᠬᠢᠷᠭᠤᠤᠯ ᠲᠡᠵᠢᠭᠡᠨ ᠦᠷᠡᠵᠢᠭᠦᠯᠬᠦ ᠰᠠᠭᠤᠷᠢᠨ ᠭᠠᠵᠠᠷ ᠲᠤ ᠬᠦᠷᠬᠦ ᠳᠤ᠂  ᠦᠨᠳᠦᠷ ᠲᠤᠮᠤ ᠪᠡᠶ᠎ᠡ ᠨᠠᠷᠢᠨ ᠤᠷᠳᠤ ᠬᠦᠵᠦᠬᠦᠦ ᠲᠠᠢ ᠲᠡᠮᠡᠭᠡᠨ ᠬᠢᠷᠭᠤᠤᠯ ᠤᠳ ᠲᠡᠮᠦᠷ ᠬᠦᠷᠢᠶᠡᠨ ᠲᠤᠳᠤᠷ᠎ᠠ ᠲᠤᠷ᠎ᠠ ᠪᠠᠷ ᠢᠶᠠᠨ  ᠲᠤᠭᠯᠠᠵᠤ ᠨᠠᠰᠢ ᠴᠠᠰᠢ ᠲᠠᠭᠤᠯᠴᠠᠨ ᠬᠦᠶᠦᠯᠳᠦᠵᠦ ᠪᠠᠶᠢᠯ᠎ᠠ᠃ ᠰᠠᠭᠤᠷᠢᠨ ᠭᠠᠵᠠᠷ ᠤᠨ ᠬᠠᠷᠢᠭᠤᠴᠠᠯᠭᠠᠳᠠᠨ ᠱᠢ ᠬᠤᠸᠠᠨ ᠪᠢᠨ ᠤᠨ ᠬᠡᠯᠡᠬᠦ ᠪᠠᠷ᠂ ᠲᠤᠬᠠᠢ ᠶᠢᠨ ᠦᠶ᠎ᠡ ᠳᠤ ᠲᠡᠷᠡᠪᠡᠷ ᠭᠠᠳᠠᠷ ᠣᠷᠣᠨ ᠳᠤ ᠵᠢᠭᠤᠯᠴᠢᠯᠠᠬᠤ ᠳᠠᠭᠠᠨ ᠲᠡᠮᠡᠭᠡᠨ ᠬᠢᠷᠭᠤᠤᠯ   ᠨᠢ ᠲᠡᠵᠢᠬᠡᠬᠦ ᠳᠤ ᠳᠥᠭᠦᠮ᠂  ᠦᠰᠬᠦ   ᠳᠤ ᠲᠦᠷᠭᠡᠨ᠂ ᠡᠪᠡᠳᠴᠢᠨ ᠡᠰᠡᠷᠭᠦᠴᠡᠬᠦ ᠴᠢᠳᠠᠪᠤᠷᠢ ᠪᠠᠷ ᠮᠠᠰᠢ ᠴᠢᠩᠭ᠎ᠠ  ᠭᠡᠳᠡᠭ ᠢ ᠤᠯᠵᠤ ᠮᠡᠳᠡᠭᠡᠳ ᠲᠤᠷᠰᠢᠵᠤ ᠦᠵᠡᠬᠦ ᠰᠡᠳᠭᠢᠯ ᠢᠶᠠᠷ 70 ᠨᠢᠯᠬ᠎ᠠ ᠬᠢᠷᠭᠤᠤᠯ ᠬᠤᠳᠠᠯᠳᠤᠨ ᠠᠪᠴᠤ ᠦᠢᠯᠡᠰ ᠪᠦᠳᠦᠬᠡᠬᠦ ᠠᠩᠬᠠᠨ ᠤ ᠵᠠᠮ ᠢᠶᠠᠨ ᠡᠯᠬᠦᠭᠰᠡᠨ ᠭᠡᠨ᠎ᠡ  ᠃ ︽ᠲᠦᠮᠡᠨ ᠶᠠᠪᠤᠳᠠᠯ ᠤᠨ ᠲᠦᠷᠦᠬᠦᠦ ᠠᠯᠬᠤᠮ ᠭᠡᠴᠡᠬᠦᠦ︾  ᠭᠡᠳᠡᠭ ᠢᠶᠠᠷ᠂  ᠠᠷᠭ᠎ᠠ ᠲᠤᠷᠰᠢᠯᠭ᠎ᠠ ᠲᠤᠳᠠᠭᠳᠠᠭᠰᠠᠨ  ᠠᠴᠠ ᠪᠤᠯᠵᠤ ᠠᠩᠬ᠎ᠠ ᠡᠬᠢᠯᠡᠭᠡᠳ ᠱᠢ ᠬᠤᠸᠠᠨ ᠪᠢᠨ ᠤᠨ ᠡᠷᠬᠢᠯᠡᠭᠰᠡᠨ ᠠᠵᠢᠯ ᠦᠢᠯᠡᠰ ᠨᠢ ᠪᠠᠭ᠎ᠠ ᠪᠤᠰᠤ ᠨᠤᠭᠤᠷᠢᠯ ᠪᠦᠳᠦᠷᠢᠯ ᠳᠤ ᠤᠴᠠᠷᠠᠵᠤ᠂ ᠠᠵᠤ ᠠᠬᠤᠢ ᠶᠢᠨ ᠬᠤᠬᠢᠷᠠᠯ ᠴᠤ ᠨᠡᠯᠢᠶᠡᠳ ᠶᠡᠭᠡ ᠪᠠᠶᠢᠪᠠ᠃ ᠥᠷᠢᠰᠥᠯᠳᠦᠭᠡᠨ ᠬᠦᠴᠢᠷᠳᠡᠯ ᠤᠨ ᠡᠮᠦᠨ᠎ᠡ᠂ ᠱᠢ ᠵᠢᠶᠧ ᠪᠢᠨ ᠵᠤᠷᠢᠭ ᠮᠤᠬᠤᠭ᠎ᠠ ᠦᠬᠡᠢ᠂ ᠥᠪᠡᠰᠦᠪᠡᠨ ᠰᠤᠷᠤᠯᠴᠠᠬᠤ ᠪᠠᠷ ᠲᠠᠮᠵᠢᠨ ᠮᠡᠳᠡᠯᠭᠡ ᠮᠡᠷᠭᠡᠵᠢᠯ ᠢᠶᠠᠨ ᠲᠠᠰᠤᠷᠠᠯᠲᠠ ᠥᠬᠡᠶ ᠲᠡᠭᠡᠭᠰᠢᠯᠡᠬᠦᠯᠵᠦ᠂ ᠠᠮᠵᠢᠯᠳᠠ ᠤᠯᠤᠭᠰᠠᠳ ᠠᠴᠠ ᠪᠠᠨ ᠠᠰᠠᠭᠤᠨ ᠯᠠᠪᠯᠠᠵᠤ ᠪᠠᠶᠢᠭᠰᠠᠭᠠᠷ ᠲᠡᠵᠢᠭᠡᠨ ᠦᠷᠡᠵᠢᠭᠦᠯᠬᠦ ᠦᠢᠯᠡᠰ ᠤᠨ ︽ᠪᠢᠴᠢᠬᠠᠨ ᠪᠠᠨᠳᠢ︾  ᠪᠠᠶᠢᠭᠰᠠᠨ ᠠᠴᠠ ︽ᠡᠷᠳᠡᠮᠳᠦ ᠮᠠᠮ᠎ᠠ︾ ᠪᠣᠯᠵᠣ ᠬᠤᠪᠢᠷᠠᠵᠠᠢ᠃ ᠲᠠᠪᠤ ᠵᠢᠷᠭᠤᠭᠠᠨ ᠵᠢᠯ ᠤᠨ ᠬᠦᠳᠡᠯᠮᠦᠷᠢ ᠴᠢᠷᠮᠠᠶᠢᠯᠭ᠎ᠠ ᠪᠠᠷ ᠪᠠᠷ ᠳᠠᠮᠵᠢᠭᠠᠳ᠂ ᠱᠢ ᠬᠤᠸᠠᠨ ᠪᠢᠨ ᠲᠡᠮᠡᠭᠡᠨ ᠬᠢᠷᠭᠤᠤᠯ ᠤᠨ ᠠᠮᠢᠳᠤᠷᠠᠯ ᠤᠨ ᠳᠠᠳᠬᠠᠯ ᠢ ᠰᠠᠶᠢᠨ ᠤᠶᠢᠯᠠᠭᠠᠬᠤ ᠪᠤᠯᠵᠤ᠂ ᠲᠡᠵᠢᠭᠡᠨ ᠦᠷᠡᠵᠢᠭᠦᠯᠬᠦ ᠠᠷᠭ᠎ᠠ ᠮᠡᠷᠭᠡᠵᠢᠯ ᠨᠢ ᠴᠤ ᠡᠳᠦᠷ ᠢᠷᠡᠬᠦᠶ᠎ᠡ ᠲᠡᠭᠡᠭᠰᠢᠯᠡᠵᠦ᠂ ᠲᠡᠮᠡᠭᠡᠨ ᠬᠢᠷᠭᠤᠤᠯ ᠤᠨ ᠵᠠᠷᠤᠴᠠᠭᠤᠯᠤᠯᠳᠠ ᠶᠢᠨ ᠨᠤᠷᠮ᠎ᠠ ᠴᠤ ᠨᠡᠮᠡᠭᠳᠡᠭᠰᠡᠨ ᠪᠠᠶᠢᠨ᠎ᠠ᠃     ︽ᠲᠡᠮᠡᠭᠡᠨ ᠬᠢᠷᠭᠤᠤᠯ ᠤᠨ ᠪᠦᠬᠦ ᠪᠡᠶ᠎ᠡ ᠨᠢ ᠪᠦᠷ ᠡᠷᠳᠡᠨᠢ ᠶᠤᠮ᠂   ᠮᠢᠬ᠎ᠠ  ᠂ ᠦᠨᠳᠡᠭᠡ ᠨᠢ ᠰᠢᠮ᠎ᠡ ᠲᠡᠵᠢᠬᠡᠯ  ᠲᠠᠢ ᠠᠮᠳᠠᠳᠤ ᠢᠳᠡᠭᠡᠨ ᠪᠤᠯᠬᠤ ᠪᠠᠷ ᠪᠠᠷᠠᠬᠤ ᠦᠬᠡᠢ ᠠᠷᠠᠰᠤ ᠪᠠᠷ ᠨᠢ ᠬᠢᠭᠰᠡᠨ ᠱᠠᠬᠠᠢ ᠭᠤᠳᠤᠯ ᠬᠥᠮᠦᠰ ᠤᠨ ᠪᠠᠭ᠋ᠠᠷᠬᠠᠯ ᠢ ᠶᠡᠬᠡᠳᠡ ᠲᠠᠲᠠᠵᠤ ᠪᠠᠶᠢᠨ᠎ᠠ᠂  ᠥᠨᠳᠡᠭᠡ ᠪᠠᠷ ᠪᠠᠰᠠ ᠭᠠᠷ ᠤᠷᠠᠯᠠᠯ ᠤᠨ ᠪᠦᠲᠦᠭᠡᠭᠳᠡᠬᠦᠨ ᠦᠢᠯᠡᠳᠴᠦ ᠪᠣᠯᠤᠨ᠎ᠠ᠂ ᠲᠡᠮᠡᠭᠡᠨ ᠬᠢᠷᠭᠤᠤᠯ ᠪᠤᠯ ᠡᠪᠡᠳᠴᠢᠨ ᠡᠰᠡᠷᠭᠦᠴᠡᠬᠦ ᠴᠢᠳᠠᠪᠤᠷᠢ ᠪᠠᠷ ᠴᠢᠩᠭ᠎ᠠ᠂  ᠬᠦᠢᠳᠡᠨ ᠨᠤᠶᠢᠳᠠᠨ ᠳᠤ ᠲᠡᠰᠪᠦᠷᠢᠳᠡᠢ ᠦᠯᠴᠢᠷ ᠠᠮᠢᠳᠠᠨ ᠪᠠᠶᠢᠵᠤ᠂ ᠪᠤᠰᠤᠳ ᠵᠢᠭᠦᠷᠲᠡᠨ ᠰᠢᠭ ᠠᠮᠠᠷᠬᠠᠨ ᠡᠪᠡᠳᠴᠢᠯᠡᠬᠦ ᠦᠭᠡᠢ᠂ ᠪᠤᠶᠢᠵᠢᠯᠳᠠ  ᠨᠢ ᠲᠦᠷᠭᠡᠨ ᠪᠤᠯᠬᠤᠷ ᠦᠨᠳᠦᠰᠦᠨ ᠳᠡᠭᠡᠨ ᠵᠢᠯ ᠪᠤᠯᠤᠮᠠᠭᠴᠠ ᠵᠠᠷᠤᠴᠠᠭᠤᠯᠵᠤ ᠪᠤᠯᠤᠨ᠎ᠠ︾ ᠬᠡᠵᠦ ᠱᠢ ᠬᠤᠸᠠᠨ ᠪᠢᠨ ᠲᠠᠨᠢᠯᠴᠠᠭᠤᠯᠤᠯ᠎ᠠ᠃     ᠰᠠᠭᠤᠷᠢᠨ ᠭᠠᠵᠠᠷ ᠲᠤ ᠤᠳᠤ 200 ᠭᠠᠷᠤᠶ ᠲᠡᠮᠡᠭᠡᠨ ᠬᠢᠷᠭᠤᠤᠯ ᠲᠡᠵᠢᠬᠡᠵᠦ ᠪᠤᠢ᠂ ᠲᠤᠮᠤ ᠬᠢᠷᠭᠤᠤᠯ ᠤᠨ ᠪᠡᠶ᠎ᠡ ᠶᠢᠨ ᠬᠦᠨᠳᠦ ᠨᠢ 100 — 150 ᠺᠢᠯᠣᠭ᠍ᠷᠠᠮ ᠣᠷᠴᠢᠮ᠂ ᠵᠢᠯ ᠪᠦᠷᠢ ᠶᠢᠨ 4 ᠰᠠᠷ᠎ᠠ ᠠᠴᠠ 10 ᠰᠠᠷ᠎ᠠ ᠪᠣᠯ ᠲᠡᠮᠡᠭᠡᠨ ᠬᠢᠷᠭᠤᠤᠯ ᠤᠨ ᠥᠨᠳᠡᠭᠡᠯᠡᠬᠦ ᠬᠤᠭᠤᠴᠠᠭ᠎ᠠ ᠪᠣᠯᠤᠨ᠎ᠠ᠂ ᠨᠢᠭᠡ ᠲᠡᠮᠡᠭᠡᠨ ᠬᠢᠷᠭᠤᠤᠯ ᠵᠢᠯ ᠳᠤ ᠪᠠᠷᠤᠭ 40 ᠣᠷᠴᠢᠮ ᠥᠨᠳᠡᠭᠡ ᠦᠨᠳᠡᠭᠡᠯᠡᠵᠦ᠂  ᠨᠢᠬᠡ ᠦᠨᠳᠡᠭᠡ ᠨᠢ 100 ᠠᠴᠠ 300 ᠲᠥᠭᠦᠷᠢᠭ ᠬᠦᠷᠳᠡᠭ ᠭᠡᠨ᠎ᠡ᠃  ᠱᠢ  ᠬᠤᠸᠠᠨ ᠪᠢᠨ ᠡᠵᠡᠩᠨᠡᠯᠲᠡ ᠪᠤᠷᠤᠯᠠᠭᠤᠯᠭ᠎ᠠ ᠶᠢᠨ ᠠᠷᠭ᠎ᠠ ᠵᠠᠮ ᠢ ᠢᠳᠡᠪᠬᠢᠲᠡᠢ ᠬᠠᠶᠢᠵᠤ᠂ ᠵᠠᠬᠢᠶᠠᠯᠠᠭ᠎ᠠ ᠪᠠᠷ ᠪᠤᠷᠤᠯᠠᠭᠤᠯᠬᠤ ᠪᠠ ᠦᠪᠡᠷᠳᠡᠭᠡᠨ ᠡᠳ᠋ᠰᠢᠭᠦᠯᠦᠨ ᠪᠣᠷᠣᠯᠠᠭᠤᠯᠬᠤ ᠶᠢ ᠤᠶᠠᠯᠳᠤᠭᠤᠯᠤᠭᠠᠳ ᠮᠠᠰᠢ ᠰᠠᠶᠢᠨ ᠦᠷ᠎ᠡ ᠪᠦᠲᠦᠮᠵᠢ ᠣᠯᠵᠠᠶ᠃    ︽ ᠮᠢᠨᠦ ᠲᠡᠵᠢᠭᠡᠨ ᠦᠷᠡᠵᠢᠭᠦᠯᠬᠦ ᠰᠠᠭᠤᠷᠢᠨ ᠭᠠᠵᠠᠷ ᠴᠢᠭᠤᠯᠤᠯᠳᠤ ᠬᠠᠭᠠᠯᠭ᠎ᠠ ᠳᠤ ᠪᠠᠶᠢᠵᠠᠢ᠂ ᠡᠨᠡ ᠵᠢᠯ ᠠᠴᠠ ᠲᠠᠶᠢᠹᠤᠰᠧ ᠬᠤᠰᠢᠭᠤᠨ ᠳᠠᠭᠠᠨ ᠲᠤᠷᠰᠢᠵᠦ ᠦᠵᠡᠭᠰᠡᠨ ᠪᠠᠶᠢᠨ᠎ᠠ᠂ ᠤᠳᠤ ᠶᠢᠨ ᠪᠠᠶᠢᠳᠠᠯ ᠠᠴᠠ  ᠦᠵᠡᠬᠦ ᠳᠤ ᠨᠡᠯᠢᠶᠡᠳ ᠰᠠᠶᠢᠨ᠂ ᠲᠡᠮᠡᠬᠡᠨ ᠬᠢᠷᠭᠤᠤᠯ ᠤᠨ ᠪᠡᠶ᠎ᠡ ᠶᠢᠨ ᠬᠦᠨᠳᠦ ᠨᠢ ᠭᠤᠷᠪᠠᠨ ᠰᠠᠷ᠎ᠠ ᠳᠤ ᠪᠠᠷᠤᠭ ᠲᠦᠴᠢ ᠲᠠᠪᠢᠨ ᠵᠢᠩ ᠨᠡᠮᠡᠭᠳᠡᠵᠡᠢ᠂  ᠨᠢᠭᠡ ᠲᠡᠮᠡᠭᠡᠨ ᠬᠢᠷᠭᠤᠤᠯ ᠠᠴᠠ ᠵᠢᠯ   ᠳᠤ ᠪᠠᠷᠤᠭ 1500 —  2000 ᠲᠥᠭᠦᠷᠢᠭ ᠤᠨ ᠤᠷᠤᠯᠭ᠎ᠠ ᠤᠯᠤᠨ᠎ᠠ᠂ ᠲᠡᠭᠡᠬᠦ ᠮᠦᠷᠳᠡᠭᠡᠨ ᠦᠬᠡᠷ ᠬᠤᠨᠢ ᠮᠠᠯᠵᠢᠬᠤ ᠠᠴᠠ ᠬᠤᠯᠠ ᠠᠮᠠᠷᠬᠠᠨ  ᠂ ᠡᠨᠡ ᠵᠢᠯ ᠤᠨ ᠲᠤᠷᠰᠢᠯᠳᠠ ᠠᠮᠵᠢᠯᠳᠠ ᠤᠯᠪᠠᠯ᠂ ᠳᠠᠷᠠᠭ᠎ᠠ ᠵᠢᠯ ᠠᠴᠠ ᠬᠠᠮᠳᠤᠷᠠᠬᠤ ᠬᠦᠮᠦᠨ ᠡᠷᠢᠵᠦ᠂  ᠬᠡᠪᠴᠢᠶ᠎ᠡ ᠬᠡᠮᠵᠢᠶ᠎ᠡ ᠪᠠᠨ ᠦᠷᠭᠡᠳᠭᠡᠨ᠂ ᠲᠡᠮᠡᠭᠡᠨ ᠬᠢᠷᠭᠤᠤᠯ ᠤᠨ ᠠᠵᠤ ᠦᠢᠯᠡᠰ ᠢ ᠪᠠᠶᠠᠵᠢᠯ ᠤᠨ ᠠᠵᠤ ᠦᠢᠯᠡᠰ ᠪᠤᠯᠭᠠᠵᠤ᠂ ︿ᠺᠣᠮᠫᠠᠨᠢ + ᠬᠤᠷᠰᠢᠶ᠎ᠠ + ᠡᠷᠦᠬᠡ︾ ᠶᠢᠨ ᠡᠵᠡᠩᠨᠡᠯᠲᠡ ᠶᠢᠨ ᠵᠠᠭᠪᠤᠷ ᠢ ᠭᠡᠷᠡᠭᠵᠢᠬᠦᠯᠦᠨ᠂  ᠤᠶᠢᠷ᠎ᠠ ᠬᠠᠪᠢ ᠶᠢᠨ ᠲᠠᠷᠢᠶᠠᠴᠢᠳ ᠲᠤ ᠨᠢᠯᠬ᠎ᠠ ᠬᠢᠷᠭᠤᠤᠯ ᠪᠠ ᠮᠡᠷᠭᠡᠵᠢᠯ ᠤᠨ ᠵᠢᠯᠣᠭᠤᠳᠣᠯᠭ᠎ᠠ ᠬᠠᠩᠭᠠᠵᠤ᠂  ᠨᠠᠩ ᠣᠯᠠᠨ ᠬᠦᠮᠦᠰ ᠢ ᠳᠠᠶᠢᠴᠢᠯᠠᠨ ᠪᠠᠶᠠᠵᠢᠭᠤᠯᠬᠤ ᠪᠠᠷ ᠴᠢᠷᠮᠠᠶᠢᠨ᠎ᠠ︾ ᠬᠡᠵᠦ ᠱᠢ ᠬᠤᠸᠠᠨ ᠪᠢᠨ  ᠠᠵᠤ ᠠᠬᠤᠢ ᠶᠢᠨ ᠦᠷ᠎ᠡ ᠠᠰᠢᠭ ᠢᠶᠠᠨ ᠶᠠᠷᠢᠬᠤ ᠶᠢᠨ ᠲᠠᠭᠠᠤ ᠢᠷᠡᠭᠡᠳᠦᠶ ᠳᠤ ᠮᠠᠰᠢ ᠢᠳᠡᠬᠡᠯ ᠬᠦᠰᠡᠯ ᠲᠠᠢ ᠪᠠᠶᠢᠬᠤ ᠪᠠᠨ ᠢᠯᠡᠷᠭᠡᠶᠢᠯᠡᠨ᠎ᠡ᠃    ᠨᠠᠮ ᠤᠨ ᠬᠤᠷᠢᠳᠤᠭᠠᠷ ᠶᠡᠭᠡ ᠬᠤᠷᠠᠯ ᠤᠨ ᠢᠯᠡᠳᠬᠡᠯ ᠳᠤ᠄ ︽ᠬᠥᠳᠡᠭᠡ ᠲᠣᠰᠬᠤᠨ ᠤ ᠣᠨᠴᠠᠯᠢᠭᠲᠤ ᠠᠵᠤ ᠦᠢᠯᠡᠰ ᠢ ᠬᠥᠭᠵᠢᠭᠦᠯᠵᠦ᠂ ᠲᠠᠷᠢᠶᠠᠴᠢᠳ ᠤᠨ ᠣᠷᠣᠯᠭ᠎ᠠ ᠪᠠᠨ ᠨᠡᠮᠡᠭᠳᠡᠭᠦᠯᠦᠨ ᠪᠠᠶᠠᠵᠢᠬᠤ ᠠᠷᠭ᠎ᠠ ᠵᠠᠮ ᠢ ᠥᠷᠭᠡᠳᠬᠡᠨ᠎ᠡ︾  ᠬᠡᠵᠦ ᠵᠢᠭᠠᠨ ᠭᠠᠷᠭᠠᠵᠠᠢ᠃ ᠠᠵᠤ ᠦᠢᠯᠡᠰ ᠪᠣᠯ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠤ ᠠᠬᠤᠢ ᠶᠢᠨ ᠰᠠᠭᠤᠷᠢ ᠮᠥᠨ᠂ ᠣᠶᠢᠷ᠎ᠠ ᠶᠢᠨ ᠵᠢᠯ ᠳᠤ᠂ ᠲᠠᠶᠢᠹᠤᠰᠧ ᠬᠤᠰᠢᠭᠤᠨ ᠤ ᠬᠢᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢᠨ ᠠᠵᠠ ᠲᠣᠬᠢᠶᠠᠯ ᠢ ᠡᠵᠡᠮᠳᠡᠵᠦ᠂  ᠪᠤᠳᠠᠳᠤ ᠪᠠᠶᠢᠳᠠᠯ  ᠳᠠᠭᠠᠨ ᠰᠠᠭᠤᠷᠢᠯᠠᠨ ᠠᠵᠤ ᠦᠢᠯᠡᠰ ᠤᠨ ᠪᠦᠲᠦᠴᠡ ᠶᠢ ᠲᠣᠬᠢᠷᠠᠭᠤᠯᠤᠨ ᠰᠢᠯᠢᠳᠡᠭᠵᠢᠭᠦᠯᠵᠦ᠂ ᠲᠥᠷᠥ ᠶᠢᠨ ᠪᠣᠳᠣᠯᠭ᠎ᠠ ᠶᠢᠨ ᠵᠢᠯᠤᠭᠤᠳᠤᠯᠭ᠎ᠠ ᠪᠠ ᠲᠡᠮᠵᠢᠯᠭᠡ ᠶᠢᠨ ᠡᠷᠴᠢᠮ ᠢ ᠴᠢᠩᠭᠠᠷᠠᠭᠤᠯᠤᠨ᠂ ᠬᠥᠳᠡᠭᠡ ᠲᠣᠰᠬᠤᠨ ᠤ ᠣᠨᠴᠠᠯᠢᠭᠲᠤ ᠠᠵᠤ ᠦᠢᠯᠡᠰ ᠢ ᠬᠥᠭᠵᠢᠭᠦᠯᠵᠦ᠂ ᠣᠯᠠᠨ ᠲᠦᠮᠡᠨ ᠢ ᠵᠤᠷᠢᠬᠵᠢᠭᠤᠯᠤᠨ ᠣᠨᠴᠠᠯᠢᠭᠲᠤ ᠲᠡᠵᠢᠬᠡᠪᠦᠷᠢ ᠶᠢᠨ ᠦᠢᠯᠡᠰ ᠡᠷᠬᠢᠯᠡᠬᠦᠯᠵᠦ  ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠣᠨᠴᠠᠯᠢᠭᠲᠤ ᠠᠵᠤ ᠦᠢᠯᠡᠰ ᠤᠨ ᠬᠥᠭᠵᠢᠯᠲᠡ ᠶᠢᠨ ᠵᠠᠮ ᠢᠶᠠᠷ ᠵᠠᠮᠨᠠᠵᠤ ᠪᠤᠢ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号