ᠲᠠᠶᠢᠹᠤᠰᠧ ᠬᠤᠰᠢᠭᠤᠨ ᠤ ᠬᠢᠨ ︽ᠲᠥᠷᠥ ᠶᠢᠨ ᠪᠣᠳᠣᠯᠭ᠎ᠠ ᠶᠢ ᠬᠦᠷᠭᠡᠵᠦ ᠬᠠᠶᠢᠷ᠎ᠠ ᠬᠠᠯᠠᠮᠵᠢ ᠶᠢ ᠬᠦᠷᠭᠡᠬᠦ ︾ ᠲᠤᠬᠤᠨᠢᠭᠤᠯᠭ᠎ᠠ ᠬᠢᠭᠰᠡᠨ
ᠨᠡᠶᠢᠲᠡᠯᠡᠭᠰᠡᠨ ᠴᠠᠭ᠄
2024/12/11
   12 ᠰᠠᠷ᠎ᠠ ᠶᠢᠨ 8 ᠤ ᠡᠳᠦᠷ᠂ ᠲᠠᠶᠢᠹᠤᠰᠧ ᠬᠤᠰᠢᠭᠤᠨ ᠤ ᠨᠡᠶᠢᠭᠡᠮ ᠤᠨ ᠲᠠᠭᠠᠳᠬᠠᠯ ᠤᠨ ᠦᠢᠯᠡᠰ ᠤᠨ ᠦᠢᠯᠡᠴᠢᠯᠡᠭᠡᠨ ᠤ ᠲᠥᠪ ᠤᠨ  ᠡᠷᠬᠢᠯᠡᠭᠴᠢ ᠭᠦᠸᠧ ᡁᠢ ᠬᠤᠩ ᠵᠡᠷᠭᠡ ᠬᠦᠮᠦᠰ ᠳᠠᠭᠠᠭᠠᠴᠢᠯᠠᠭᠰᠠᠨ ᠴᠡᠭ ᠪᠤᠯᠬᠤ ᠴᠢᠶᠠᠨ ᠶᠢᠨ ᠭᠸᠦ ᠪᠠᠯᠭᠠᠰᠤᠨ ᠤ ᠴᠠᠪ ᠨᠠᠭᠤᠷ ᠲᠣᠰᠬᠤᠨ ᠳᠤ ᠬᠦᠨᠵᠡᠬᠡᠶᠢᠷᠡᠨ᠂ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠲᠠᠢ ᠬᠠᠮᠲᠤ ᠪᠠᠷ ︽ᠲᠥᠷᠥ ᠶᠢᠨ ᠪᠣᠳᠣᠯᠭ᠎ᠠ ᠶᠢ ᠬᠦᠷᠭᠡᠵᠦ  ᠬᠦᠷᠭᠡᠵᠦ ᠬᠠᠶᠢᠷ᠎ᠠ ᠬᠠᠯᠠᠮᠵᠢ ᠶᠢ ᠬᠦᠷᠭᠡᠬᠦ︾  ᠲᠤᠬᠤᠨᠢᠭᠤᠯᠭ᠎ᠠ ᠶᠢᠨ ᠠᠵᠢᠯᠯᠠᠭ᠎ᠠ ᠦᠷᠨᠢᠬᠦᠯᠪᠡ᠃  ᠲᠤᠬᠤᠨᠢᠭᠤᠯᠬᠤ ᠪᠦᠯᠬᠦᠮ ᠤᠨ ᠬᠢᠨ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ 2024 ᠣᠨ ᠤ ᠠᠵᠢᠯ ᠤᠨ ᠪᠠᠶᠢᠳᠠᠯ ᠢ ᠨᠠᠷᠢᠨ  ᠤᠶᠢᠯᠠᠭᠠᠵᠤ᠂ ᠲᠣᠰᠬᠤᠨ ᠳᠤ ᠰᠠᠭᠤᠭ᠎ᠠ ᠺᠠᠳ᠋ᠷᠴᠤᠳ ᠢ ᠦᠷᠭᠦᠯᠵᠢᠯᠡᠨ ᠴᠢᠷᠮᠠᠶᠢᠵᠤ᠂ ᠠᠵᠢᠯ ᠢᠶᠠᠨ ᠣᠯᠠᠨ ᠲᠦᠮᠡᠨ ᠤ ᠰᠡᠳᠬᠢᠯ ᠳᠤ ᠬᠦᠷᠳᠡᠯ᠎ᠡ ᠬᠢᠵᠦ᠂ ᠵᠣᠯ ᠵᠢᠷᠭᠠᠯᠲᠤ ᠴᠠᠪ ᠨᠠᠭᠤᠷ ᠲᠣᠰᠬᠤᠨ ᠢ ᠪᠥᠲᠥᠭᠡᠨ  ᠪᠠᠶᠢᠭᠤᠯᠳᠤᠭᠠᠢ ᠭᠡᠵᠦ  ᠵᠤᠷᠢᠬᠵᠢᠭᠤᠯᠤᠭᠰᠠᠨ ᠪᠠᠶᠢᠨ᠎ᠠ᠃ ᠡᠬᠦᠨ  ᠤ ᠬᠠᠮᠳᠤ᠂  ᠠᠶᠢᠯ ᠡᠷᠦᠬᠡ ᠪᠠᠷ ᠲᠤᠭᠤᠷᠢᠵᠤ ᠣᠯᠠᠨ ᠲᠦᠮᠡᠨ ᠲᠠᠢ ᠶᠠᠷᠢᠯᠴᠠᠨ᠂  ᠬᠡᠷ ᠪᠦᠯᠢ ᠶᠢᠨ ᠪᠠᠶᠢᠳᠠᠯ᠂ ᠡᠷᠡᠭᠦᠯ ᠮᠡᠨᠳᠦ ᠶᠢᠨ ᠪᠠᠶᠢᠳᠠᠯ᠂ ᠠᠵᠤ ᠠᠬᠤᠶ ᠶᠢᠨ ᠣᠷᠣᠯᠭ᠎ᠠ ᠶᠢᠨ ᠪᠠᠶᠢᠳᠠᠯ ᠢ ᠨᠢ ᠣᠶᠢᠯᠠᠭᠠᠵᠤ᠂  ᠣᠷᠣᠰᠢᠵᠤ ᠪᠠᠶᠢᠭ᠎ᠠ ᠬᠦᠴᠢᠷᠳᠡᠯ ᠪᠠ ᠠᠰᠠᠭᠤᠳᠠᠯ᠂ ᠦᠢᠯᠡᠳᠪᠦᠷᠢᠯᠡᠯ ᠠᠮᠢᠳᠤᠷᠠᠯ ᠤᠨ ᠲᠠᠯ᠎ᠠ ᠪᠠᠷ ᠬᠢ  ᠲᠦᠰᠦᠪ ᠲᠥᠯᠥᠪᠯᠡᠭᠡ ᠪᠠ ᠬᠦᠰᠡᠯ ᠱᠠᠭᠠᠷᠳᠠᠯᠭ᠎ᠠ ᠶᠢ ᠨᠢ ᠰᠤᠨᠤᠰᠤᠭᠰᠠᠨ ᠤ ᠬᠠᠮᠲᠤ᠂ ᠬᠦᠴᠢᠷᠳᠡᠯᠲᠡᠶ ᠣᠯᠠᠨ ᠲᠦᠮᠡᠨ ᠳᠤ  ᠭᠤᠯᠢᠷ ᠪᠤᠳᠠᠭ᠎ᠠ ᠵᠡᠷᠭᠡ ᠲᠣᠬᠤᠨᠢᠭᠤᠯᠬᠤ ᠪᠣᠳᠠᠰ ᠢ ᠬᠦᠷᠭᠡᠪᠠ᠃ ᠠᠵᠢᠯᠲᠠᠳ ᠪᠠᠰᠠ ᠨᠠᠰᠤᠵᠢᠯ ᠤᠨ ᠳᠠᠭᠠᠳᠬᠠᠯ ᠤᠨ ᠲᠥᠷᠥ ᠶᠢᠨ ᠪᠣᠳᠣᠯᠭ᠎ᠠ ᠤᠨ ᠲᠤᠬᠠᠢ ᠣᠯᠠᠨ ᠲᠦᠮᠡᠨ ᠤ ᠠᠩᠬᠠᠷᠤᠯ ᠲᠠᠯᠪᠢᠵᠤ ᠪᠠᠶᠢᠭ᠎ᠠ ᠠᠰᠠᠭᠤᠳᠠᠯ ᠢ ᠨᠠᠷᠢᠨ ᠲᠠᠶᠢᠯᠪᠤᠷᠢᠯᠠᠵᠤ᠂ ᠤᠬᠠᠭᠤᠯᠭ᠎ᠠ ᠶᠢᠨ ᠬᠠᠭᠤᠳᠠᠰᠤ ᠲᠠᠷᠬᠠᠭᠠᠭᠰᠠᠨ ᠪᠦᠭᠡᠳ ᠲᠣᠰᠬᠤᠨ ᠤ ᠨᠠᠰᠤᠲᠠᠶᠢᠴᠤᠳ ᠲᠤ ᠨᠠᠰᠤᠵᠢᠯ ᠤᠨ ᠳᠠᠭᠠᠳᠬᠠᠯ ᠤᠨ ᠬᠢᠷᠢ ᠬᠡᠮ ᠤᠨ ᠭᠡᠷᠡᠴᠢᠯᠡᠯ ᠢ ᠬᠢᠵᠡᠢ᠃ ᠲᠠᠷᠠᠭᠠᠴᠢ ᠶᠢᠨ ᠠᠯᠬᠤᠮ ᠳᠤ᠂ ᠲᠠᠶᠢᠹᠤᠰᠧ ᠬᠤᠰᠢᠭᠤᠨ ᠤ ᠨᠡᠶᠢᠭᠡᠮ ᠤᠨ ᠳᠠᠭᠠᠳᠬᠠᠯ ᠤᠨ ᠦᠢᠯᠡᠰ ᠤᠨ ᠦᠢᠯᠡᠴᠢᠯᠡᠭᠡᠨ ᠤ ᠲᠥᠪ ᠨᠢ ᠠᠷᠠᠳ ᠲᠦᠮᠡᠨ ᠳᠤ ᠦᠢᠯᠡᠴᠢᠯᠡᠬᠦ ᠣᠶᠢᠯᠠᠭᠠᠭᠳᠠᠬᠤᠨ ᠢ ᠪᠠᠷᠢᠮᠳᠠᠯᠠᠵᠤ᠂ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ︽ᠡᠴᠦᠰ ᠤᠨ ᠨᠢᠭᠡ  ᠺᠢᠯᠤᠮᠧᠲᠷ︾ ᠢ ᠨᠡᠪᠲᠡᠷᠡᠭᠦᠯᠬᠦ ᠶᠢᠨ ᠬᠠᠮᠲᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠢᠯ ᠢ ᠰᠠᠶᠢᠨ ᠬᠢᠵᠦ᠂ ᠨᠡᠶᠢᠭᠡᠮ ᠤᠨ ᠪᠠᠲᠤᠯᠠᠭ᠎ᠠ ᠪᠠᠷ ᠶᠠᠳᠠᠭᠤ ᠶᠢ ᠲᠡᠳᠬᠦᠬᠦ ᠶᠢ ᠦᠨᠳᠦᠰᠦᠨ ᠰᠡᠷᠭᠡᠶᠢᠯᠡᠯᠲᠡ ᠶᠢᠨ ᠱᠤᠭᠤᠮ  ᠪᠤᠯᠭᠠᠨ᠂  ᠶᠠᠳᠠᠭᠤ ᠠᠴᠠ ᠠᠩᠭᠢᠵᠢᠷᠠᠭᠤᠯᠬᠤ  ᠪᠤᠭᠤᠮᠳᠠ ᠰᠢᠪᠲᠤᠯᠤᠯᠲᠠ ᠶᠢᠨ ᠦᠷ᠎ᠡ ᠪᠦᠲᠦᠭᠡᠯ ᠢ ᠲᠠᠰᠤᠷᠠᠯᠲᠠ ᠦᠭᠡᠢ ᠪᠠᠬᠢᠵᠢᠭᠦᠯᠦᠨ ᠥᠷᠭᠡᠳᠬᠡᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠯᠤᠭ᠎ᠠ ᠪᠦᠲᠦᠮᠵᠢᠲᠡᠶ ᠵᠣᠯᠭᠠᠭᠤᠯᠬᠤ ᠶᠢ ᠠᠬᠢᠭᠤᠯᠤᠨ᠂ ᠬᠠᠷᠢᠭᠤᠴᠠᠯᠭ᠎ᠠ ᠶᠢ ᠰᠤᠯᠠᠷᠠᠭᠤᠯᠬᠤ ᠦᠭᠡᠢ᠂ ᠡᠷᠴᠢᠮ ᠢ  ᠪᠠᠭᠤᠷᠠᠭᠤᠯᠬᠤ ᠦᠭᠡᠢ᠂ ᠲᠥᠷᠥ ᠶᠢᠨ ᠪᠣᠳᠣᠯᠭ᠎ᠠ ᠶᠢ  ᠲᠠᠰᠤᠯᠳᠠᠭᠤᠯᠬᠤ ᠦᠬᠡᠢ ᠪᠠᠶᠢᠯᠭᠠᠵᠤ᠂  ᠬᠤᠰᠢᠭᠤ ᠨᠠᠮ ᠵᠠᠰᠠᠭ ᠤᠨ ᠲᠤᠰᠢᠶᠠᠭᠰᠠᠨ ᠡᠯ᠎ᠡ ᠲᠦᠷᠦᠯ ᠤᠨ ᠠᠵᠢᠯ  ᠡᠭᠦᠷᠭᠡ ᠶᠢ ᠰᠠᠶᠢᠲᠤᠷ ᠪᠡᠶᠡᠯᠡᠭᠦᠯᠦᠨ᠂ ᠠᠷᠠᠳ ᠲᠦᠮᠡᠨ ᠳᠤ ᠲᠠᠭᠠᠰᠢᠶᠠᠭᠳᠠᠭᠰᠠᠨ ᠬᠠᠷᠢᠭᠤᠯᠲᠠ ᠶᠢᠨ ᠬᠠᠭᠤᠳᠠᠰᠤ ᠶᠢ ᠲᠤᠰᠢᠶᠠᠬᠤ ᠪᠠᠷ ᠪᠠᠶᠢᠨ᠎ᠠ᠃
 
ᠢᠷᠡᠯᠲᠡ᠄ ᠲᠠᠶᠢᠹᠤᠰᠧ ᠬᠤᠰᠢᠭᠤᠨ ᠤ ᠨᠡᠶᠢᠭᠡᠮ ᠤᠨ ᠲᠠᠭᠠᠳᠬᠠᠯ ᠤᠨ ᠦᠢᠯᠡᠰ ᠤᠨ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号