ᠬᠤᠩ ᠴᠢ ᠪᠠᠯᠭᠠᠰᠤ ᠵᠥᠷᠢᠴᠡᠯ ᠵᠢᠭᠤᠷᠠᠭᠠᠨ ᠪᠠ ᠠᠮᠤᠷ ᠲᠦᠪᠰᠢᠨ ᠤ ᠳᠠᠯᠳᠠ ᠬᠡᠮ ᠢ ᠪᠠᠶᠢᠴᠠᠭᠠᠨ ᠰᠢᠢᠳᠪᠦᠷᠢᠯᠡᠬᠦ ᠠᠵᠢᠯ ᠤᠨ ᠬᠤᠷᠠᠯ ᠬᠢᠭᠰᠡᠨ
ᠨᠡᠶᠢᠲᠡᠯᠡᠭᠰᠡᠨ ᠴᠠᠭ᠄
2024/11/29
  11 ᠰᠠᠷ᠎ᠠ ᠶᠢᠨ 28 ᠤ ᠡᠳᠦᠷ᠂ ᠬᠤᠩ ᠴᠢ ᠪᠠᠯᠭᠠᠰᠤ ᠵᠥᠷᠢᠴᠡᠯ ᠵᠢᠭᠤᠷᠠᠭᠠᠨ ᠪᠠ ᠠᠮᠤᠷ ᠲᠦᠪᠰᠢᠨ ᠤ ᠳᠠᠯᠳᠠ ᠬᠡᠮ ᠢ ᠵᠢᠭᠰᠠᠭᠠᠨ ᠪᠠᠶᠢᠴᠠᠭᠠᠵᠤ ᠡᠶᠡᠳᠡᠭᠦᠯᠦᠨ ᠰᠢᠢᠳᠪᠦᠷᠢᠯᠡᠬᠦ ᠠᠵᠢᠯ ᠤᠨ ᠬᠤᠷᠠᠯ ᠬᠤᠷᠠᠯᠳᠤᠭᠤᠯᠵᠤ᠂ ᠪᠠᠯᠭᠠᠰᠤᠨ ᠤ ᠨᠠᠮ ᠤᠨ ᠬᠤᠷᠢᠶᠠᠨ ᠤ ᠳᠡᠳ᠋ ᠱᠦᠵᠢ᠂ ᠤᠯᠤᠰ ᠲᠦᠷᠦ ᠬᠠᠤᠯᠢ ᠴᠠᠭᠠᠵᠠ ᠶᠢᠨ ᠭᠡᠰᠢᠭᠦᠨ ᠾᠧ ᠭᠤᠸᠠᠨ ᠬᠤᠸᠠ ᠬᠤᠷᠠᠯ ᠢ ᠡᠷᠬᠢᠯᠡᠨ᠂ ᠪᠠᠯᠭᠠᠰᠤᠨ ᠤ ᠤᠳᠤᠷᠢᠳᠬᠤ ᠪᠠᠭ ᠤᠨ ᠭᠡᠰᠢᠬᠦᠳ᠂ ᠡᠯ᠎ᠡ ᠲᠣᠰᠬᠤᠨ ᠤ ᠨᠠᠮ ᠤᠨ ᠡᠭᠦᠷ ᠤᠨ ᠱᠦᠵᠢ᠂ ᠲᠣᠰᠬᠤᠨ ᠳᠠᠭᠠᠭᠠᠴᠢᠯᠠᠭᠰᠠᠨ ᠺᠠᠳ᠋ᠷ ᠬᠤᠷᠠᠯ ᠳᠤ ᠣᠷᠣᠯᠴᠠᠪᠠ᠃ ᠬᠤᠷᠠᠯ ᠠᠴᠠ᠂ ᠨᠢᠭᠡ ᠳᠤ ᠠᠶᠤᠯ ᠲᠦᠭᠰᠢᠭᠦᠷᠢ ᠶᠢ ᠡᠬᠢ ᠡᠭᠦᠰᠦᠯ ᠠᠴᠠ ᠨᠢ ᠰᠡᠷᠭᠡᠶᠢᠯᠡᠨ ᠡᠵᠡᠮᠳᠡᠬᠦ ᠶᠢ ᠴᠢᠩᠭᠠᠳᠬᠠᠵᠤ᠂ ᠬᠠᠤᠯᠢ ᠪᠠᠷ ᠵᠠᠰᠠᠬᠤ ᠤᠬᠠᠭᠤᠯᠭ᠎ᠠ ᠬᠥᠮᠦᠵᠢᠯ ᠢ ᠠᠬᠢᠭᠤᠯᠤᠨ᠂ ᠬᠠᠷᠢᠭᠤᠴᠠᠯᠭ᠎ᠠ ᠶᠢᠨ ᠤᠬᠠᠮᠰᠠᠷ ᠪᠠ ᠠᠮᠤᠷ ᠲᠦᠪᠰᠢᠨ ᠤ ᠤᠬᠠᠮᠰᠠᠷ ᠢ ᠴᠢᠩᠭᠠᠳᠬᠠᠵᠤ᠂ ᠴᠠᠭ ᠢᠮᠠᠭᠲᠠ ᠰᠣᠨᠣᠷ ᠰᠡᠷᠡᠮᠵᠢ ᠲᠠᠢ ᠪᠠᠶᠢᠵᠠᠭᠠᠨ᠂ ᠨᠡᠶᠢᠭᠡᠮ ᠤᠨ ᠠᠮᠤᠷ ᠲᠦᠪᠰᠢᠨ ᠤ ᠶᠡᠷᠦᠩᠭᠡᠶᠢᠯᠡᠭᠰᠡᠨ ᠰᠡᠷᠭᠡᠶᠢᠯᠡᠯᠳᠡ ᠶᠢ ᠬᠦᠴᠦᠯᠡᠨ ᠴᠢᠩᠭᠠᠳᠬᠠᠵᠤ᠂ ᠭᠤᠤᠯᠳᠠᠯᠭ᠎ᠠ ᠲᠠᠢ ᠭᠠᠵᠠᠷ᠂ ᠴᠢᠬᠤᠯᠠ ᠬᠦᠳᠡᠯᠪᠦᠷᠢ ᠠᠵᠢᠯᠯᠠᠭᠠᠨ ᠤ ᠬᠠᠮᠢᠶᠠᠷᠤᠯᠲᠠ ᠶᠢ ᠴᠢᠩᠭᠠᠳᠬᠠᠨ᠂  ᠪᠦᠬᠦ ᠪᠠᠯᠭᠠᠰᠤᠨ ᠤ ᠠᠮᠤᠷ ᠲᠦᠪᠰᠢᠨ ᠤ ᠳᠠᠯᠳᠠ ᠬᠡᠮ ᠢ ᠬᠠᠮᠤᠭ ᠤᠨ ᠶᠡᠭᠡ ᠬᠡᠮᠵᠢᠶ᠎ᠡ ᠪᠠᠷ ᠠᠷᠢᠯᠭᠠᠬᠤ ᠭᠡᠷᠡᠭᠳᠡᠢ᠃ ᠬᠤᠶᠠᠷ ᠲᠤ ᠵᠥᠷᠢᠴᠡᠯ ᠵᠢᠭᠤᠷᠠᠭᠠᠨ ᠪᠠ ᠠᠮᠤᠷ ᠲᠦᠪᠰᠢᠨ ᠤ ᠳᠠᠯᠳᠠ ᠬᠡᠮ ᠢ ᠪᠠᠶᠢᠴᠠᠭᠠᠨ ᠠᠷᠢᠯᠭᠠᠬᠤ ᠡᠷᠴᠢᠮ ᠢ ᠴᠢᠩᠭᠠᠷᠠᠭᠤᠯᠵᠤ᠂ ᠪᠣᠳᠠᠲᠤ ᠪᠠᠶᠢᠳᠠᠯ ᠢ ᠪᠥᠬᠦ ᠲᠠᠯ᠎ᠠ ᠪᠠᠷ ᠲᠣᠳᠣᠷᠬᠠᠶ ᠤᠶᠢᠯᠠᠭᠠᠨ᠂ ᠠᠷᠭᠠᠴᠠᠬᠤ ᠪᠣᠳᠣᠯᠭ᠎ᠠ ᠶᠢ ᠢᠳᠡᠪᠬᠢᠲᠡᠶ ᠰᠦᠪᠡᠭᠴᠢᠯᠡᠵᠦ᠂ ᠡᠬᠢ ᠡᠭᠦᠰᠦᠯ ᠠᠴᠠ ᠨᠢ ᠰᠡᠷᠭᠡᠶᠢᠯᠡᠬᠦ ᠶᠢ ᠴᠢᠩᠭᠠᠳᠬᠠᠨ᠂ ᠵᠥᠷᠢᠴᠡᠯ ᠢ ᠦᠨᠳᠦᠰᠦᠨ ᠱᠠᠲᠤᠨ  ᠳᠤᠨᠢ ᠠᠷᠢᠯᠭᠠᠵᠤ᠂ ᠴᠤᠬᠤᠶᠢᠵᠤ ᠪᠠᠶᠢᠭ᠎ᠠ ᠪᠠᠶᠢᠳᠠᠯ ᠳᠤᠨᠢ ᠰᠢᠢᠳᠪᠦᠷᠢᠯᠡᠨ᠂ ︽ᠰᠡᠷᠭᠡᠶᠢᠯᠡᠬᠦ᠂  ᠪᠠᠶᠢᠴᠠᠭᠠᠬᠤ᠂  ᠰᠢᠢᠳᠪᠦᠷᠢᠯᠡᠬᠦ︾ ᠭᠤᠷᠪᠠᠨ ᠠᠷᠭ᠎ᠠ ᠶᠢ ᠴᠢᠩᠭ᠎ᠠ ᠭᠡᠷᠡᠭᠵᠢᠬᠦᠯᠬᠦ ᠭᠡᠷᠡᠭᠳᠡᠢ᠃ ᠭᠤᠷᠪᠠ ᠳᠤ ᠲᠣᠮᠢᠯᠠᠭᠰᠠᠨ ᠰᠠᠯᠪᠤᠷᠢ᠂ ᠬᠠᠤᠯᠢ ᠴᠠᠭᠠᠵᠠ ᠶᠢᠨ ᠰᠠᠯᠪᠤᠷᠢ ᠵᠡᠷᠭᠡ ᠬᠠᠮᠢᠶ᠎ᠠ ᠪᠦᠬᠦᠢ ᠰᠠᠯᠠᠭ᠎ᠠ ᠮᠦᠴᠢᠷ ᠯᠦᠭᠡ ᠶᠢᠨ ᠬᠠᠮᠵᠢᠯᠴᠠᠭ᠎ᠠ ᠪᠠᠨ ᠴᠢᠩᠭᠠᠳᠬᠠᠵᠤ᠂ ᠮᠡᠳᠡᠭᠡ ᠵᠠᠩᠭᠢ ᠶᠢ ᠬᠠᠮᠲᠤᠪᠠᠷ ᠡᠳ᠋ᠯᠡᠨ᠂ ᠠᠵᠢᠯ ᠤᠨ ᠦᠷ᠎ᠡ ᠪᠦᠲᠦᠮᠵᠢ ᠪᠠᠨ ᠳᠡᠭᠡᠭᠰᠢᠯᠡᠭᠦᠯᠬᠦ ᠬᠡᠷᠡᠭᠲᠡᠶ᠃ ᠸᠢᠴᠠᠲ ᠤᠨ ᠴᠤᠭᠯᠠᠷᠠᠯ ᠢ ᠠᠰᠢᠭᠯᠠᠬᠤ᠂ ᠡᠷᠦᠬᠡ ᠳᠤ ᠣᠷᠣᠵᠤ ᠰᠤᠷᠪᠤᠯᠵᠢᠯᠠᠬᠤ ᠵᠡᠷᠭᠡ ᠠᠷᠭ᠎ᠠ ᠬᠡᠯᠪᠡᠷᠢ  ᠪᠠᠷ ᠣᠯᠠᠨ ᠲᠦᠮᠡᠨ ᠲᠠᠢ ᠨᠢᠭᠲᠠ ᠬᠤᠯᠪᠤᠭᠳᠠᠭᠰᠠᠨ ᠠᠰᠠᠭᠤᠳᠠᠯ ᠤᠨ ᠲᠣᠭᠤᠷᠢᠨ ᠳᠤ ᠠᠶᠤᠯᠬᠦᠢ ᠦᠢᠯᠡᠳᠪᠦᠷᠢᠯᠡᠯ᠂ ᠬᠤᠤᠷᠠᠳᠤ ᠡᠳ᠋ ᠢ ᠴᠠᠭᠠᠵᠠᠯᠠᠬᠤ᠂ ᠭᠠᠵᠢᠭᠤ ᠨᠣᠮᠯᠠᠯ ᠢ ᠡᠰᠡᠷᠭᠦᠴᠡᠬᠦ᠂  ᠰᠦᠯᠵᠢᠶ᠎ᠡ ᠬᠤᠯᠪᠤᠭᠠᠨ ᠤ ᠮᠡᠬᠡᠯᠡᠯ ᠢ ᠰᠡᠷᠭᠡᠶᠢᠯᠡᠬᠦ ᠤᠬᠠᠭᠤᠯᠭ᠎ᠠ ᠶᠢ ᠥᠷᠨᠢᠭᠦᠯᠵᠦ᠂ ᠣᠯᠠᠨ ᠲᠦᠮᠡᠨ ᠢ ᠵᠢᠯᠣᠭᠤᠳᠴᠤ ᠪᠠᠶᠢᠭᠠᠳ ᠬᠠᠤᠯᠢ ᠶᠣᠰᠣᠨ ᠤ ᠠᠷᠭ᠎ᠠ ᠵᠠᠮ ᠢᠶᠠᠷ ᠬᠦᠰᠡᠯ ᠱᠠᠭᠠᠷᠳᠠᠯᠭ᠎ᠠ ᠪᠠᠨ ᠢᠯᠡᠳᠬᠡᠵᠦ᠂ ᠬᠠᠤᠯᠢ ᠶᠣᠰᠣᠨ ᠤ ᠡᠷᠬᠡ ᠠᠰᠢᠭ ᠢᠶᠠᠨ ᠬᠠᠤᠯᠢ ᠶᠣᠰᠣᠭᠠᠷ ᠬᠠᠮᠠᠭᠠᠯᠠᠬᠤ   ᠶᠢ ᠪᠡᠶᠡᠯᠡᠬᠦᠯᠬᠦ ᠬᠡᠷᠡᠭᠲᠡᠶ ᠬᠡᠵᠦ ᠴᠢᠬᠤᠯᠠᠴᠢᠯᠠᠵᠠᠢ᠃ ᠳᠠᠷᠠᠭᠠᠴᠢ ᠶᠢᠨ ᠠᠯᠬᠤᠮ ᠳᠤ᠂ ᠬᠤᠩ ᠴᠢ ᠪᠠᠯᠭᠠᠰᠤ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤᠳᠬᠠᠬᠤ ᠪᠠᠷ ᠭᠤᠣᠯ ᠰᠢᠵᠢᠮ ᠪᠤᠯᠭᠠᠨ᠂ ᠤᠯᠠᠨ ᠲᠦᠮᠡᠨ ᠤ ᠬᠦᠰᠡᠯ ᠱᠠᠭᠠᠷᠳᠠᠯᠭ᠎ᠠ ᠶᠢ ᠪᠦᠬᠦ ᠬᠦᠴᠦᠨ ᠢᠶᠠᠷ ᠰᠢᠢᠳᠪᠦᠷᠢᠯᠡᠵᠦ᠂ ᠵᠥᠷᠢᠴᠡᠯ ᠵᠢᠭᠤᠷᠠᠭᠠᠨ ᠢ ᠪᠠᠶᠢᠴᠠᠭᠠᠨ ᠰᠢᠢᠳᠪᠦᠷᠢᠯᠡᠬᠦ ᠠᠵᠢᠯᠯᠠᠭ᠎ᠠ ᠶᠢ ᠭᠦᠨᠵᠡᠭᠡᠢ ᠦᠷᠨᠢᠬᠦᠯᠦᠨ᠂ ᠣᠳᠣᠬᠠᠨ ᠤ ᠬᠦᠴᠢᠷ ᠲᠦᠪᠡᠭᠲᠡᠢ ᠠᠰᠠᠭᠤᠳᠠᠯ ᠢ ᠰᠢᠢᠳᠪᠦᠷᠢᠯᠡᠬᠦ  ᠪᠠ ᠴᠤᠬᠤᠶᠢᠯᠲᠠ ᠶᠢᠨ ᠴᠢᠨᠠᠷᠲᠠᠢ ᠠᠰᠠᠭᠤᠳᠠᠯ ᠢ ᠤᠷᠢᠳᠴᠢᠯᠠᠨ ᠰᠡᠷᠭᠡᠶᠢᠯᠡᠬᠦ ᠠᠵᠢᠯ ᠢ ᠰᠠᠶᠢᠨ ᠬᠢᠵᠦ᠂  ᠠᠰᠠᠭᠤᠳᠠᠯ ᠢ ᠡᠷᠲᠡ ᠢᠯᠡᠷᠡᠭᠦᠯᠵᠦ ᠡᠷᠲᠡ ᠰᠢᠢᠳᠪᠦᠷᠢᠯᠡᠨ᠂ ᠡᠯ᠎ᠡ ᠲᠦᠷᠦᠯ ᠤᠨ ᠡᠭᠦᠷᠭᠡ ᠶᠢ ᠦᠷ᠎ᠡ ᠪᠦᠳᠦᠮᠵᠢ ᠲᠠᠢ ᠨᠠᠶᠢᠳᠠᠪᠤᠷᠢᠵᠢᠭᠤᠯᠵᠤ᠂ ᠨᠡᠶᠢᠭᠡᠮ ᠤᠨ ᠡᠶ᠎ᠡ ᠵᠤᠬᠢᠴᠠᠯ ᠪᠠ ᠠᠮᠤᠷ ᠲᠣᠭᠲᠠᠭᠤᠨ ᠢ ᠬᠠᠮᠠᠭᠠᠯᠠᠬᠤ   ᠪᠠᠷ ᠪᠠᠶᠢᠨ᠎ᠠ᠃
 
ᠢᠷᠡᠯᠲᠡ᠄ ᠬᠤᠩ ᠴᠢ ᠪᠠᠯᠭᠠᠰᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号