ᠲᠠᠶᠢᠹᠤᠰᠧ ᠬᠤᠰᠢᠭᠤ ᠲᠠᠷᠢᠮᠠᠯ ᠤᠨ ᠵᠦᠢᠯ ᠤᠨ ᠡᠪᠡᠳᠴᠢᠨ ᠬᠡᠮ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠬᠤ ᠪᠠ ᠤᠷᠭᠤᠮᠠᠯ ᠤᠨ ᠡᠪᠡᠳᠴᠢᠨ ᠬᠡᠮ ᠤᠨ ᠪᠠᠶᠢᠴᠠᠭᠠᠯᠲᠠ ᠶᠢᠨ ᠪᠣᠯᠪᠠᠰᠤᠷᠠᠯ ᠡᠷᠬᠢᠯᠡᠪᠡ
ᠨᠡᠶᠢᠲᠡᠯᠡᠭᠰᠡᠨ ᠴᠠᠭ᠄
2024/11/19
  ᠲᠠᠷᠢᠮᠠᠯ ᠤᠨ ᠡᠪᠡᠳᠴᠢᠨ ᠭᠡᠮ ᠪᠠ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠡᠵᠡᠮᠳᠡᠬᠦ ᠮᠡᠷᠭᠡᠵᠢᠯ ᠤᠨ ᠲᠡᠯᠬᠡᠷᠡᠬᠦᠯᠦᠯᠳᠡ ᠶᠢ ᠲᠦᠷᠭᠡᠳᠬᠡᠵᠦ᠂ ᠲᠠᠷᠢᠶᠠᠨ ᠡᠮ ᠤᠨ ᠬᠡᠮᠵᠢᠶ᠎ᠡ ᠶᠢ ᠪᠠᠭᠠᠰᠬᠠᠨ ᠦᠷ᠎ᠡ ᠠᠰᠢᠭ ᠢ ᠨᠡᠮᠡᠭᠳᠡᠬᠦᠯᠵᠦ᠂ ᠲᠠᠷᠢᠶᠠᠯᠠᠩ ᠤᠨ ᠪᠦᠲᠦᠭᠡᠭᠳᠡᠬᠦᠨ ᠤ ᠶᠠᠰᠤ ᠴᠢᠨᠠᠷ ᠤᠨ ᠠᠮᠤᠷ ᠲᠦᠪᠰᠢᠨ ᠢ ᠪᠠᠲᠤᠯᠠᠬᠤ ᠶᠢᠨ ᠲᠥᠯᠥᠭᠡ᠂ ᠲᠠᠶᠢᠹᠤᠰᠧ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶᠠᠨ ᠤ ᠣᠳᠣ ᠦᠶ᠎ᠡ ᠶᠢᠨ ᠲᠠᠷᠢᠶᠠᠯᠠᠩ ᠮᠠᠯᠵᠢᠯ ᠤᠨ   ᠶᠡᠷᠦᠩᠬᠡᠢᠯᠡᠭᠰᠡᠨ ᠦᠢᠯᠡᠴᠢᠯᠡᠭᠡᠨ ᠤ ᠲᠥᠪ  ᠎ ᠨᠢ 11 ᠰᠠᠷ᠎ᠠ ᠶᠢᠨ 13᠎ ᠤ ᠡᠳᠦᠷ ᠠᠴᠠ 14᠎ ᠤ ᠡᠳᠦᠷ ᠪᠣᠯᠲᠠᠯ᠎ᠠ ᠪᠥᠬᠦ ᠬᠤᠰᠢᠭᠤᠨ ᠤ ᠲᠠᠷᠢᠮᠠᠯ ᠤᠨ ᠬᠦᠨᠳᠦ ᠶᠡᠭᠡ ᠡᠪᠡᠳᠴᠢᠨ ᠭᠡᠮ ᠪᠠ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ ᠵᠢᠴᠢ ᠤᠷᠭᠤᠮᠠᠯ ᠤᠨ ᠡᠪᠡᠳᠴᠢᠨ ᠬᠡᠮ ᠤᠨ ᠪᠠᠶᠢᠴᠠᠭᠠᠯᠲᠠ ᠶᠢᠨ ᠪᠣᠯᠪᠠᠰᠤᠷᠠᠯ ᠤᠨ ᠠᠩᠭᠢ ᠡᠷᠬᠢᠯᠡᠪᠡ᠃  ᠲᠠᠷᠢᠶᠠᠯᠠᠩ ᠮᠠᠯ ᠠᠵᠤ ᠠᠬᠤᠢ ᠶᠢᠨ ᠲᠤᠪᠴᠢᠶᠠᠨ ᠤ ᠲᠡᠳ᠋ ᠲᠠᠷᠤᠭ᠎ᠠ ᠵᠠᠩ ᠵᠢᠶᠦ᠋ᠨ ᠪᠤᠯᠪᠠᠰᠤᠷᠠᠯ ᠡᠬᠢᠯᠡᠬᠦ ᠶᠤᠰᠤᠯᠠᠯ ᠎ ᠳᠤ ᠤᠷᠤᠯᠴᠠᠨ ᠶᠠᠷᠢᠶ᠎ᠠ ᠲᠠᠯᠪᠢᠵᠤ᠂  ᠶᠡᠷᠦᠩᠬᠡᠶᠢᠯᠡᠭᠰᠡᠨ ᠦᠢᠯᠡᠴᠢᠯᠡᠭᠡᠨ ᠤ ᠲᠥᠪ ᠤᠨ ᠡᠷᠬᠢᠯᠡᠭᠴᠢ ᠸᠠᠩ ᠵᠢᠶᠠᠨ ᠴᠢᠩ ᠠᠴᠠ ᠡᠨᠡ  ᠤᠳᠠᠭᠠᠨ ᠤ ᠪᠤᠯᠪᠠᠰᠤᠷᠠᠯ ᠤᠨ ᠲᠤᠬᠠᠢ  ᠪᠣᠳᠠᠲᠠᠢ ᠱᠠᠭᠠᠷᠳᠠᠯᠭ᠎ᠠ ᠲᠤᠷᠠᠳᠤᠭᠰᠠᠨ ᠪᠠᠶᠢᠨ᠎ᠠ᠃ ᠬᠤᠷᠠᠯ ᠠᠴᠠ᠂ ᠦᠵᠡᠯ ᠰᠠᠨᠠᠭ᠎ᠠ ᠲᠠᠨᠢᠯᠲᠠ ᠪᠠᠨ ᠳᠡᠭᠡᠭᠰᠢᠯᠡᠭᠦᠯᠵᠦ᠂ ᠡᠭᠦᠷᠭᠡ ᠬᠠᠷᠢᠭᠤᠴᠠᠯᠭ᠎ᠠ ᠪᠠᠨ ᠬᠢᠨᠠᠮᠠᠭᠠᠶ ᠭᠦᠶ᠋ᠴᠡᠳᠬᠡᠨ᠂ ᠠᠵᠢᠯ ᠤᠨ ᠨᠠᠶᠢᠳᠠᠪᠤᠷᠢᠵᠢᠭᠤᠯᠤᠯᠲᠠ ᠶᠢ ᠴᠢᠩᠭ᠎ᠠ ᠠᠳᠬᠤᠵᠤ᠂ ᠰᠡᠷᠭᠡᠶᠢᠯᠡᠨ ᠡᠵᠡᠮᠳᠡᠬᠦ ᠵᠢᠯᠣᠭᠤᠳᠣᠯᠭ᠎ᠠ᠂ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠪᠣᠯᠤᠨ ᠮᠡᠷᠭᠡᠵᠢᠯ ᠤᠨ ᠪᠣᠯᠪᠠᠰᠤᠷᠠᠯ ᠢ ᠰᠠᠶᠢᠨ ᠬᠢᠬᠦ ᠬᠡᠷᠡᠭᠲᠡᠶ᠃ ᠠᠵᠢᠯ ᠤᠨ ᠴᠢᠳᠠᠪᠤᠷᠢ ᠪᠠᠨ ᠲᠡᠭᠡᠭᠰᠢᠯᠡᠬᠦᠯᠵᠦ᠂ ᠠᠵᠢᠯ ᠤᠨ ᠰᠡᠳᠬᠢᠴᠡ ᠪᠠᠨ ᠦᠷᠭᠡᠳᠭᠡᠨ᠂ ᠤᠷᠭᠤᠮᠠᠯ ᠤᠨ ᠬᠢᠵᠢᠭ ᠬᠡᠮ ᠤᠨ ᠪᠠᠶᠢᠴᠠᠭᠠᠯᠲᠠ ᠶᠢᠨ ︽ᠰᠢᠨ᠎ᠡ ᠴᠢᠨᠠᠷ︾᠎ ᠤᠨ ᠠᠭᠤᠯᠤᠭᠳᠠᠬᠤᠨ ᠢ ᠲᠠᠰᠤᠷᠠᠯᠲᠠ ᠥᠬᠡᠶ ᠪᠠᠶᠠᠯᠢᠭᠵᠢᠭᠤᠯᠵᠦ᠂ ᠬᠢᠨᠠᠨ ᠡᠵᠡᠮᠳᠡᠬᠦ ᠬᠢᠷᠢ ᠴᠢᠳᠠᠪᠤᠷᠢ ᠶᠢ ᠪᠦᠬᠦ ᠲᠠᠯ᠎ᠠ ᠪᠠᠷ ᠴᠢᠩᠭᠠᠷᠠᠭᠤᠯᠬᠤ ᠭᠡᠷᠡᠭᠳᠡᠢ᠃ ᠤᠯᠤᠰ ᠲᠦᠷᠦ ᠶᠢᠨ ᠵᠣᠭᠰᠣᠴᠠ ᠪᠠᠨ ᠲᠡᠭᠡᠭᠰᠢᠯᠡᠬᠦᠯᠦᠨ᠂ ᠤᠷᠭᠤᠮᠠᠯ ᠤᠨ  ᠡᠪᠡᠳᠴᠢᠨ ᠬᠡᠮ ᠤᠨ ᠪᠠᠶᠢᠴᠠᠭᠠᠯᠲᠠ ᠶᠢᠨ ᠠᠵᠢᠯ ᠤᠨ ᠵᠣᠷᠢᠯᠭ᠎ᠠ ᠪᠣᠯᠤᠨ ᠠᠴᠢ ᠬᠤᠯᠪᠣᠭᠳᠠᠯ ᠢ ᠭᠦᠢᠴᠡᠳ ᠲᠠᠨᠢᠵᠤ᠂  ᠬᠠᠷᠢᠭᠤᠴᠠᠯᠭ᠎ᠠ ᠡᠭᠦᠷᠭᠡᠯᠡᠯ ᠢ ᠴᠢᠩᠭᠠᠳᠬᠠᠬᠤ ᠬᠡᠷᠡᠭᠲᠡᠢ᠃ ᠪᠣᠯᠪᠠᠰᠤᠷᠠᠯ ᠤᠨ ᠰᠠᠬᠢᠯᠭ᠎ᠠ ᠪᠠᠲᠤ ᠶᠢ ᠴᠢᠩᠭ᠎ᠠ ᠰᠠᠬᠢᠵᠤ᠂  ᠬᠢᠴᠢᠶᠡᠯ ᠢ ᠨᠠᠷᠢᠨ ᠬᠢᠨᠠᠮᠠᠭᠠᠶ ᠰᠤᠨᠤᠰᠤᠨ᠂  ᠰᠤᠷᠴᠤ ᠡᠵᠡᠮᠰᠢᠭᠰᠡᠨ ᠢᠶᠠᠨ ᠦᠢᠯᠡᠳᠦᠯᠭᠡ ᠲᠡᠭᠡᠷ᠎ᠡ ᠬᠡᠷᠡᠭᠯᠡᠬᠦ ᠬᠡᠷᠡᠭᠲᠡᠶ ᠬᠡᠵᠦ ᠱᠠᠭᠠᠷᠳᠠᠪᠠ᠃ ᠪᠣᠯᠪᠠᠰᠤᠷᠠᠯ ᠲᠡᠭᠡᠷ᠎ᠡ᠂  ᠠᠶᠢᠮᠠᠭ ᠤᠨ ᠲᠠᠷᠢᠶᠠᠯᠠᠩ ᠮᠠᠯ ᠠᠵᠤ ᠠᠬᠤᠶ ᠶᠢᠨ ᠮᠡᠷᠭᠡᠵᠢᠯ ᠳᠡᠯᠭᠡᠷᠡᠭᠦᠯᠬᠦ ᠲᠥᠪ ᠤᠨ ᠳᠡᠭᠡᠳᠦ ᠵᠡᠷᠭᠡ ᠶᠢᠨ ᠯᠧᠺᠲ᠋ᠣᠷ ᠯᠦᠸᠧ ᠯᠸᠢ ᠠᠴᠠ ᠲᠥᠮᠥᠰᠥ᠂ ᠨᠣᠭᠤᠭ᠎ᠠ᠂ ᠨᠡᠷᠡᠨ ᠬᠤᠸᠠᠷ ᠢᠶᠠᠷ ᠭᠤᠤᠯ ᠪᠣᠯᠭᠠᠨ ᠲᠠᠷᠢᠮᠠᠯ ᠤᠨ ᠡᠪᠡᠳᠴᠢᠨ ᠭᠡᠮ ᠪᠠ ᠬᠤᠷᠣᠬᠠᠶ ᠶᠢᠨ ᠬᠥᠨᠥᠭᠡᠯ ᠢ ᠵᠠᠰᠠᠬᠤ ᠲᠤᠬᠠᠢ ᠬᠢᠴᠢᠶᠡᠯ ᠤᠷᠤᠵᠤ  ᠳᠤᠮᠳᠠᠳᠤ ᠤᠯᠤᠰ ᠤᠨ ᠤᠰᠤᠨ ᠠᠰᠢᠭᠯᠠᠯᠲᠠ ᠶᠢᠨ ᠰᠤᠳᠤᠯᠭᠠᠨ ᠤ ᠬᠦᠷᠢᠶᠡᠯᠡᠩ ᠤᠨ ᠳᠡᠭᠡᠳᠦ ᠵᠡᠷᠭᠡ ᠶᠢᠨ ᠢᠨᠵᠧᠨᠧᠷ ᠮᠦᠸᠧ ᠶᠠᠨ ᠠᠴᠠ ︽ᠰᠢᠨ᠎ᠡ ᠬᠡᠯᠪᠡᠷᠢ ᠶᠢᠨ ᠳᠤᠰᠤᠯᠭᠠᠨ ᠤᠰᠤᠯᠠᠬᠤ ᠠᠷᠭ᠎ᠠ︾᠎ ᠶᠢᠨ ᠲᠤᠬᠠᠢ ᠲᠠᠶᠢᠯᠪᠤᠷᠢᠯᠠᠨ᠂ ᠥᠪᠡᠷᠲᠡᠭᠡᠨ ᠵᠠᠰᠠᠬᠤ ᠣᠷᠣᠨ ᠤ ᠤᠷᠭᠤᠮᠠᠯ ᠤᠨ ᠬᠠᠮᠠᠭᠠᠯᠠᠯᠲᠠ ᠶᠢᠨ ᠲᠥᠪ ᠤᠨ ᠳᠡᠭᠡᠳᠦ ᠵᠡᠷᠭᠡ ᠶᠢᠨ ᠯᠧᠺᠲ᠋ᠣᠷ ᠰᠠᠴᠤᠷᠠᠩᠭᠤᠢ ᠠᠴᠠ ᠤᠷᠭᠤᠮᠠᠯ ᠤᠨ ᠡᠪᠡᠳᠴᠢᠨ ᠬᠡᠮ ᠢ ᠪᠠᠶᠢᠴᠠᠭᠠᠬᠤ ᠬᠠᠤᠯᠢ ᠲᠦᠷᠢᠮ ᠪᠠ ᠠᠵᠢᠯ ᠤᠨ ᠶᠠᠪᠤᠴᠠ᠂ ᠲᠠᠷᠢᠶᠠᠨ ᠡᠮ ᠤᠨ ᠪᠣᠬᠢᠷᠲᠤᠯ ᠢ ᠰᠡᠷᠭᠡᠶᠢᠯᠡᠬᠦ᠂ ᠲᠠᠷᠢᠶᠠᠨ ᠡᠮ ᠤᠨ ᠬᠡᠮᠵᠢᠶ᠎ᠡ ᠶᠢ ᠪᠠᠭᠠᠰᠬᠠᠬᠤ ᠲᠠᠯ᠎ᠠ ᠪᠠᠷ ᠲᠠᠶᠢᠯᠤᠮᠵᠢ ᠬᠢᠵᠡᠢ᠃
 
ᠢᠷᠡᠯᠲᠡ᠄ ᠲᠠᠶᠢᠹᠤᠰᠧ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号