︽ᠬᠠᠷᠰᠢ ᠰᠠᠭᠠᠳ ᠦᠭᠡᠢ︾ ᠦᠢᠯᠡᠴᠢᠯᠡᠭᠡ᠂ ᠬᠠᠯᠠᠮᠵᠢ ᠬᠠᠶᠢᠷ᠎ᠠ ᠶᠢᠨ ᠲᠠᠮᠵᠢᠭᠤᠯᠭ᠎ᠠ
ᠨᠡᠶᠢᠲᠡᠯᠡᠭᠰᠡᠨ ᠴᠠᠭ᠄
2024/11/14
   ᠤᠶᠢᠷ᠎ᠠ ᠳᠤ᠂ ᠲᠠᠶᠢᠹᠤᠰᠧ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠥᠪ   ᠨᠢ ᠠᠰᠠᠭᠤᠨ ᠯᠠᠪᠯᠠᠬᠤ ᠲᠤᠭᠤᠷᠢᠭ ᠲᠠᠭᠠᠨ ᠲᠦᠯᠡᠢ ᠶᠠᠪᠠ ᠬᠦᠮᠦᠰ ᠲᠤ ᠵᠤᠷᠢᠭᠤᠯᠤᠭᠰᠠᠨ ︽ᠬᠠᠶᠢᠷ᠎ᠠ ᠶᠢᠨ ᠳᠠᠭᠤᠨ︾ ᠬᠡᠮᠡᠬᠦ  ᠣᠶᠤᠨᠴᠢ  ᠲᠦᠬᠦᠭᠡᠷᠦᠮᠵᠢ ᠶᠢ ᠨᠡᠮᠡᠵᠦ ᠲᠤᠬᠢᠷᠠᠭᠤᠯᠤᠭᠠᠳ᠂ ᠵᠡᠮᠳᠡᠭᠴᠤᠳ ᠢ ᠬᠠᠪᠰᠤᠷᠤᠨ ᠠᠵᠢᠯ ᠣᠯᠭᠤᠯᠲᠠ᠂ ᠨᠡᠶᠢᠭᠡᠮ ᠤᠨ ᠳᠠᠭᠠᠳᠬᠠᠯ᠂ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ᠂ ᠭᠠᠶᠢᠯᠢ ᠶᠢᠨ ᠶᠠᠪᠤᠳᠠᠯ᠂  ᠦᠨᠡᠮᠯᠡᠯ ᠲᠡᠮᠳᠡᠭ ᠤᠨ ᠬᠠᠮᠢᠶᠠᠳᠠᠢ ᠲᠤᠬᠠᠶᠢᠯᠠᠭᠰᠠᠨ ᠠᠵᠢᠯ ᠤᠳ ᠢ ᠭᠦᠢᠴᠡᠳᠬᠡᠵᠦ ᠪᠠᠶᠢᠨ᠎ᠠ᠃ ᠵᠡᠮᠳᠡᠭ ᠬᠦᠮᠦᠰ ᠦᠢᠯᠡᠴᠢᠯᠡᠭᠡᠨ ᠤ ᠲᠢᠩᠬᠢᠮ ᠳᠤ ᠢᠷᠡᠵᠦ ᠠᠵᠢᠯ ᠶᠠᠪᠤᠳᠠᠯ ᠬᠦᠢᠴᠡᠳᠭᠡᠬᠦ ᠳᠤ᠂ ᠠᠰᠠᠭᠤᠨ ᠯᠠᠪᠯᠠᠬᠤ ᠲᠠᠪᠴᠠᠩ ᠤᠨ ᠠᠵᠢᠯᠲᠠᠨ ᠲᠡᠯᠬᠡᠴᠡᠨ ᠲᠡᠭᠡᠷ᠎ᠡ ︽ᠨᠡᠪᠲᠡᠷᠡᠬᠦ︾ ᠳᠠᠷᠤᠪᠴᠢ ᠶᠢ ᠲᠠᠷᠤᠵᠤ ︽ᠭᠠᠷ ᠬᠡᠯᠡᠨ︾ ᠤ ᠦᠢᠯᠡᠴᠢᠯᠡᠭᠡ ᠶᠢ ᠵᠠᠯᠭᠠᠵᠤ ᠦᠭᠬᠦᠨ᠎ᠡ᠃  ᠲᠦᠭᠦᠭᠡᠷᠦᠮᠵᠢ ᠶᠢᠨ ᠨᠦᠬᠦᠬᠡ ᠲᠠᠯ᠎ᠠ ᠠᠴᠠ ᠲᠤᠰᠬᠠᠢ ᠮᠡᠷᠭᠡᠵᠢᠯ ᠤᠨ ︽ᠭᠠᠷ ᠬᠡᠯᠡᠨ︾ ᠤ ᠪᠠᠭᠰᠢ ᠠᠴᠠ ᠵᠡᠮᠳᠡᠭᠴᠤᠳ ᠲᠤ ᠤᠷᠴᠢᠭᠤᠯᠭ᠎ᠠ ᠶᠢᠨ ᠠᠵᠢᠯ   ᠢ ᠬᠦᠢᠴᠡᠳᠭᠡᠨ ᠦᠭᠴᠦ᠂  ᠵᠡᠮᠳᠡᠭᠴᠤᠳ ᠪᠠ ᠠᠵᠢᠯᠳᠠᠳ ᠤᠨ ᠬᠤᠭᠤᠷᠤᠨᠳᠤ ᠬᠠᠷᠰᠢ ᠰᠠᠭᠠᠳ ᠦᠭᠡᠢ ᠦᠬᠡ ᠬᠡᠯᠡᠨ ᠤ ᠨᠡᠪᠳᠡᠷᠡᠯᠬᠡ ᠬᠠᠩᠭᠠᠬᠤ ᠪᠤᠯᠤᠨ᠎ᠠ᠃  ᠡᠨᠡ  ᠨᠢ ᠠᠵᠢᠯ ᠶᠠᠪᠤᠳᠠᠯ ᠭᠦᠢᠴᠡᠳᠭᠡᠬᠦ ᠪᠠᠷ ᠢᠷᠡᠭᠰᠡᠨ ᠵᠡᠮᠳᠡᠭ ᠬᠦᠮᠦᠰ ᠲᠤ ᠶᠡᠬᠡᠬᠡᠨ ᠲᠦᠬᠦᠮ ᠦᠵᠡᠬᠦᠯᠵᠦ᠂  ᠦᠨᠡᠨᠬᠦ  ︽ᠬᠠᠷᠰᠢ ᠰᠠᠭᠠᠳ ᠦᠭᠡᠢ︾ ᠦᠢᠯᠡᠴᠢᠯᠡᠭᠡ ᠪᠠᠷ ᠬᠠᠶᠢᠷ᠎ᠠ ᠬᠠᠯᠠᠮᠵᠢ ᠶᠢ ᠢᠯᠡᠷᠡᠬᠦᠯᠦᠭᠰᠡᠨ ᠪᠠᠶᠢᠨ᠎ᠠ᠃ ᠲᠠᠶᠢᠹᠤᠰᠧ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡ ᠪᠠ ᠲᠤᠭ᠎ᠠ ᠪᠠᠷᠢᠮᠲᠠ ᠶᠢᠨ ᠬᠠᠮᠢᠶᠠᠷᠤᠯᠲᠠ ᠶᠢᠨ ᠲᠣᠪᠴᠢᠶ᠎ᠠ ᠨᠢ ᠡᠶᠢᠨᠬᠦ ᠠᠷᠠᠳ ᠲᠦᠮᠡᠨ ᠳᠤ ᠦᠢᠯᠡᠴᠢᠯᠡᠬᠦ ᠵᠣᠷᠢᠯᠲᠠ ᠶᠢ ᠢᠮᠠᠭᠲᠠ ᠪᠠᠷᠢᠮᠲᠠᠯᠠᠵᠤ᠂ ᠣᠯᠠᠨ ᠲᠦᠮᠡᠨ ᠤ ᠱᠠᠭᠠᠷᠳᠠᠯᠭ᠎ᠠ ᠬᠡᠷᠡᠭᠴᠡᠭᠡ ᠳᠤ ᠠᠩᠬᠠᠷᠤᠯ ᠢᠶᠠᠨ ᠲᠥᠪᠯᠡᠷᠡᠭᠦᠯᠦᠨ᠂ ᠬᠠᠷᠰᠢ ᠰᠠᠭᠠᠳ ᠥᠬᠡᠶ ᠦᠢᠯᠡᠴᠢᠯᠡᠭᠡᠨ ᠤ ᠲᠥᠬᠦᠭᠡᠷᠦᠮᠵᠢ ᠶᠢ ᠲᠠᠰᠤᠷᠠᠯᠲᠠ ᠥᠬᠡᠶ ᠲᠡᠭᠦᠯᠳᠡᠷᠵᠢᠭᠦᠯᠵᠦ᠂  ᠤᠯᠠᠨ ᠲᠦᠮᠡᠨ ᠳᠤ ᠨᠡᠩ ᠲᠦᠳᠡ᠂ ᠨᠠᠩ ᠲᠡᠬᠦᠯᠳᠡᠷ᠂ ᠨᠡᠩ ᠬᠠᠯᠠᠭᠤᠮᠰᠤᠭ᠂ ᠨᠡᠩ ᠰᠢᠭᠤᠳ ᠵᠠᠰᠠᠭ ᠤᠨ ᠶᠠᠪᠤᠳᠠᠯ ᠤᠨ ᠦᠢᠯᠡᠴᠢᠯᠡᠭᠡ   ᠶᠢ ᠬᠠᠩᠭᠠᠨ᠂ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ᠨᠠᠩ ᠬᠠᠶᠢᠷ᠎ᠠ ᠰᠡᠳᠬᠢᠯᠭᠡ ᠲᠠᠢ ᠶᠠᠪᠤᠭᠳᠠᠭᠤᠯᠵᠤ ᠪᠤᠢ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号