ᠣᠳᠣᠬᠠᠨ ᠤ ᠮᠠᠨ ᠤ ᠤᠯᠤᠰ ᠤᠨ ᠠᠵᠤ ᠠᠬᠤᠢ ᠶᠢᠨ ᠪᠠᠶᠢᠳᠠᠯ ᠢ ᠬᠡᠷᠬᠢᠨ ᠦᠵᠡᠬᠦ ᠪᠤᠢ︖ ᠠᠷᠠᠳ ᠤᠨ ᠡᠳᠦᠷ ᠤᠨ ᠰᠣᠨᠢᠨ ᠤ ᠡᠨᠡ ᠵᠣᠬᠢᠶᠠᠯ ᠳᠤ ᠲᠣᠳᠣᠷᠬᠠᠢ ᠶᠠᠷᠢᠵᠠᠢ ︵ᠬᠤᠶᠠᠷ︶
ᠨᠡᠶᠢᠲᠡᠯᠡᠭᠰᠡᠨ ᠴᠠᠭ᠄
2024/11/14
   ᠰᠢᠨ᠎ᠡ ᠪᠠᠶᠢᠳᠠᠯ ᠢ ᠠᠷᠭᠠᠴᠠᠭᠠᠬᠤ ᠳᠤ᠂ ᠪᠣᠳᠠᠲᠠᠢ ᠠᠰᠠᠭᠤᠳᠠᠯ ᠢ ᠪᠣᠳᠠᠲᠠᠢ ᠪᠠᠷ ᠵᠠᠳᠠᠯᠬᠤ ᠶᠢ ᠪᠠᠷᠢᠮᠲᠠᠯᠠᠬᠤ ᠬᠡᠷᠡᠭᠲᠡᠢ    ᠬᠡᠪ ᠤᠨ ᠬᠡᠯᠪᠡᠯᠵᠡᠯ ᠳᠤ ᠬᠠᠨᠲᠤᠬᠤ ᠳᠤ ᠪᠠᠨ᠂ ᠡᠩ ᠤᠨ ᠰᠡᠳᠭᠢᠯᠭᠡ ᠢᠯᠡᠭᠦᠬᠡᠨ ᠪᠠᠶᠢᠬᠤ ᠳᠤ ᠪᠠᠨ ᠲᠠᠭᠠᠷᠠᠨ᠎ᠠ᠃ ᠨᠡᠮᠡᠭᠳᠡᠯ ᠤᠨ ᠬᠤᠷᠳᠤᠴᠠ ᠠᠴᠠ ᠦᠵᠡᠪᠡᠯ᠂ ᠭᠤᠷᠪᠠᠨ ᠤᠯᠠᠷᠢᠯ ᠤᠨ ᠠᠵᠤ ᠠᠬᠤᠶ ᠶᠢᠨ ᠨᠡᠮᠡᠭᠳᠡᠯ ᠤᠨ ᠬᠤᠷᠳᠤᠴᠠ ᠬᠡᠳᠦ᠋ᠢᠪᠡᠷ ᠬᠡᠯᠪᠡᠯᠵᠡᠯ ᠲᠠᠢ ᠪᠠᠶᠢᠭᠰᠠᠨ ᠴᠤ ᠬᠡᠯᠪᠡᠯᠵᠡᠯ ᠤᠨ ᠬᠡᠮᠵᠢᠶ᠎ᠡ ᠨᠢ ᠶᠡᠭᠡ ᠪᠢᠰᠢ ᠪᠠᠶᠢᠵᠤ᠂ ᠮᠥᠨ ᠯᠡ ︽5% ᠣᠷᠴᠢᠮ︾᠎ ᠤᠨ ᠵᠢᠱᠢᠭᠰᠡᠨ ᠬᠠᠷᠠᠯᠲᠠ ᠶᠢᠨ ᠣᠷᠴᠢᠮ ᠪᠠᠶᠢᠪᠠ᠃ ᠨᠡᠮᠡᠭᠲᠡᠯ ᠤᠨ ᠬᠡᠮᠵᠢᠶ᠎ᠡ ᠠᠴᠠ ᠦᠵᠡᠪᠡᠯ᠂ ᠨᠡᠮᠡᠭᠲᠡᠯ ᠤᠨ ᠬᠤᠷᠲᠤᠴᠠ ᠠᠲᠠᠯᠢ ᠬᠤᠭᠤᠴᠠᠭᠠᠨ ᠤ ᠬᠢ ᠠᠴᠠ ᠬᠡᠲᠦ᠋ᠢᠪᠡᠷ ᠪᠠᠭᠠᠰᠤᠭᠰᠠᠨ ᠪᠤᠯᠪᠠᠴᠦ ᠭᠤᠷᠪᠠᠲᠤᠭᠠᠷ ᠤᠯᠠᠷᠢᠯ ᠤᠨ ᠠᠵᠤ ᠠᠬᠤᠢ ᠶᠢᠨ ᠶᠡᠷᠦᠩᠭᠡᠢ ᠬᠡᠮᠵᠢᠶ᠎ᠠ ᠨᠢ ᠮᠦᠨ ᠯᠡ ᠨᠢᠲᠤᠨᠤᠨ ᠤ ᠠᠲᠠᠯᠢ ᠬᠤᠭᠤᠴᠠᠭᠠᠨ ᠤ ᠬᠢ ᠠᠴᠠ 12934 ᠳ᠋ᠦᠩᠰᠢᠭᠤᠷ ᠳᠦᠭᠦᠷᠢᠭ ᠦᠨᠲᠦᠷ ᠪᠠᠶᠢᠪᠠ᠃    ᠪᠦᠲᠦᠴᠡ ᠶᠢᠨ ᠲᠣᠬᠢᠷᠠᠭᠤᠯᠤᠯᠲᠠ ᠶᠢ ᠠᠬᠢᠭᠤᠯᠬᠤ ᠳᠤ᠂ ᠤᠷᠤᠭᠰᠢ ᠠᠬᠢᠬᠤ ᠵᠣᠷᠢᠭ ᠢᠯᠡᠭᠦᠬᠡᠨ ᠳᠤ ᠪᠠᠨ ᠲᠠᠭᠠᠷᠠᠨ᠎ᠠ᠃ ᠡᠨᠡ ᠵᠢᠯ ᠤᠨ ᠲᠦᠷᠦᠭᠦᠦ ᠭᠤᠷᠪᠠᠨ ᠤᠯᠠᠷᠢᠯ ᠳᠤ᠂ ᠦᠢᠯᠡᠴᠢᠯᠡᠭᠡᠨ ᠤ ᠦᠢᠯᠡᠰ ᠤᠨ GDP᠎ ᠳᠠᠬᠢ ᠡᠵᠡᠯᠡᠬᠦ ᠬᠤᠪᠢ ᠶᠢᠨ ᠵᠢᠩ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 0.3 ᠵᠠᠭᠤᠨ ᠤ ᠴᠡᠭ ᠳᠡᠭᠡᠭᠰᠢᠯᠡᠵᠦ᠂ ᠠᠵᠤ ᠠᠬᠤᠢ ᠶᠢᠨ ᠨᠡᠮᠡᠭᠳᠡᠯ ᠳᠤ ᠦᠵᠡᠭᠦᠯᠦᠭᠰᠡᠨ ᠬᠤᠪᠢ ᠨᠡᠮᠡᠷᠢ ᠶᠢᠨ ᠨᠤᠷᠮ᠎ᠠ 53.9%᠎ ᠳᠤ ᠬᠦᠷᠪᠡ︔ ᠳᠡᠭᠡᠳᠦ ᠮᠡᠷᠭᠡᠵᠢᠯ ᠤᠨ ᠠᠵᠤ ᠦᠢᠯᠡᠰ ᠤᠨ ᠪᠡᠯᠡ ᠣᠷᠣᠭᠤᠯᠤᠯᠲᠠ ᠨᠢ ᠠᠳᠠᠯᠢ ᠬᠤᠭᠤᠴᠠᠭᠠᠨ ᠤ ᠬᠢ ᠠᠴᠠ 10.0%᠎ ᠪᠠᠷ ᠨᠡᠮᠡᠭᠳᠡᠵᠦ᠂ ᠨᠡᠮᠡᠭᠳᠡᠯ ᠤᠨ ᠬᠤᠷᠳᠤᠴᠠ ᠨᠢ ᠪᠦᠬᠦ ᠪᠡᠯᠡ ᠣᠷᠣᠭᠤᠯᠤᠯᠲᠠ ᠠᠴᠠ 6.6 ᠵᠠᠭᠤᠨ ᠤ ᠴᠡᠭ ᠥᠨᠳᠥᠷᠵᠢᠵᠦ᠂ 7 ᠰᠠᠷ᠎ᠠ ᠳᠠᠷᠠᠭᠠᠯᠠᠨ ᠬᠤᠶᠠᠷ ᠣᠷᠣᠨᠲᠤ ᠲᠣᠭᠠᠨ ᠤ ᠨᠡᠮᠡᠭᠳᠡᠯ ᠢᠶᠠᠨ ᠪᠠᠲᠤᠯᠠᠵᠤ᠂ ᠰᠢᠨ᠎ᠡ ᠴᠢᠨᠠᠷ ᠪᠦᠬᠦᠢ ᠦᠢᠯᠡᠳᠪᠦᠷᠢᠯᠡᠯ ᠤᠨ ᠬᠦᠴᠦᠨ ᠤ ᠲᠦᠷᠭᠡᠨ ᠪᠦᠷᠢᠯᠳᠦᠬᠦ ᠪᠠ ᠠᠵᠤ ᠠᠬᠤᠢ ᠶᠢᠨ ᠪᠦᠲᠦᠴᠡ ᠶᠢᠨ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠭᠦᠯᠬᠦ ᠶᠢ ᠲᠦᠷᠭᠡᠳᠬᠡᠬᠦ ᠳᠤ ᠬᠦᠴᠦᠲᠡᠢ ᠲᠤᠯᠭᠠᠭᠤᠷᠢᠯᠠᠯ ᠬᠠᠩᠭᠠᠪᠠ᠃    ᠬᠡᠯᠪᠡᠷᠢ ᠪᠠᠨ ᠬᠤᠪᠢᠷᠠᠭᠤᠯᠤᠨ ᠡᠪᠡᠷᠰᠢᠶᠡᠯ ᠢ ᠠᠷᠢᠯᠭᠠᠬᠤ ᠳᠤ ᠪᠠᠨ᠂ ᠢᠲᠡᠭᠡᠯ ᠬᠦᠰᠡᠯ ᠢᠯᠡᠭᠦᠬᠡᠨ ᠪᠠᠶᠢᠬᠤ ᠳᠤ ᠪᠠᠨ ᠲᠠᠭᠠᠷᠠᠨ᠎ᠠ᠃ ᠲᠦᠷᠦᠭᠦᠤ ᠭᠤᠷᠪᠠᠨ ᠤᠯᠠᠷᠢᠯ ᠳᠤ᠂ ᠪᠡᠯᠡᠳᠬᠡᠮᠵᠢ ᠪᠠᠭᠠᠵᠢ ᠬᠡᠷᠡᠭᠰᠡᠯ ᠬᠤᠳᠠᠯᠳᠤᠨ ᠠᠪᠬᠤ ᠳᠤ ᠵᠠᠷᠤᠴᠠᠭᠤᠯᠤᠭᠰᠠᠨ ᠪᠠᠯᠠ ᠣᠷᠣᠭᠤᠯᠤᠯᠲᠠ ᠶᠢᠨ ᠨᠡᠮᠡᠭᠳᠡᠯ ᠤᠨ ᠬᠤᠷᠳᠤᠴᠠ ᠨᠢ ᠪᠥᠬᠦ ᠪᠠᠯᠠ ᠣᠷᠣᠭᠤᠯᠤᠯᠲᠠ ᠠᠴᠠ 13 ᠵᠠᠭᠤᠨ ᠤ ᠴᠡᠭ ᠢᠶᠠᠷ ᠥᠨᠳᠥᠷᠵᠢᠵᠦ᠂ ᠦᠢᠯᠡᠳᠬᠦ ᠦᠢᠯᠡᠰ ᠤᠨ ᠮᠡᠷᠭᠡᠵᠢᠯ ᠤᠨ ᠰᠢᠨᠡᠴᠢᠯᠡᠯᠲᠡ ᠶᠢᠨ ᠪᠠᠯᠠ ᠣᠷᠣᠭᠤᠯᠤᠯᠲᠠ 9.5%᠎ ᠪᠠᠷ ᠨᠡᠮᠡᠭᠳᠡᠪᠡ︔ ᠬᠤᠷᠠᠮᠠᠯ ᠴᠠᠬᠢᠯᠭᠠᠨ ᠬᠡᠯᠬᠢᠶ᠎ᠡ ᠶᠢ ᠦᠢᠯᠡᠳᠪᠦᠷᠢᠯᠡᠭᠰᠡᠨ ᠪᠠ ᠭᠠᠳᠠᠭᠠᠳᠤ ᠳᠤ ᠭᠠᠷᠭᠠᠭᠰᠠᠨ ᠬᠡᠮᠵᠢᠶ᠎ᠡ ᠨᠢ ᠠᠳᠠᠯᠢ ᠬᠤᠭᠤᠴᠠᠭᠠᠨ ᠤ ᠬᠢ ᠠᠴᠠ ᠲᠣᠰ ᠲᠣᠰ 26%᠂ 22%᠎ ᠢᠶᠠᠷ ᠨᠡᠮᠡᠭᠳᠡᠪᠡ︔ ᠰᠢᠨ᠎ᠡ ᠡᠨᠧᠷᠭᠢ ᠶᠢᠨ ᠮᠠᠰᠢᠨ ᠲᠡᠷᠭᠡ ᠶᠢ ᠦᠢᠯᠡᠳᠪᠦᠷᠢᠯᠡᠭᠰᠡᠨ ᠪᠠ ᠭᠠᠳᠠᠭᠠᠳᠤ ᠳᠤ ᠭᠠᠷᠭᠠᠭᠰᠠᠨ ᠬᠡᠮᠵᠢᠶ᠎ᠡ ᠨᠢ ᠠᠳᠠᠯᠢ ᠬᠤᠭᠤᠴᠠᠭᠠᠨ ᠤ ᠬᠢ ᠠᠴᠠ ᠲᠣᠰ ᠲᠣᠰ 31.7%᠂ 12.5%᠎ ᠪᠠᠷ ᠨᠡᠮᠡᠭᠳᠡᠪᠡ ᠁ ᠡᠨᠡ ᠨᠢ ᠰᠢᠨ᠎ᠡ ᠬᠠᠭᠤᠴᠢᠨ ᠬᠥᠳᠡᠯᠭᠡᠬᠦ ᠡᠨᠧᠷᠭᠢ ᠶᠢᠨ ᠲᠦᠷᠭᠡᠨ ᠰᠣᠯᠢᠭᠳᠠᠯ ᠤᠨ ᠬᠦᠴᠦᠲᠡᠢ ᠢᠯᠡᠷᠡᠯ ᠪᠠᠶᠢᠵᠤ᠂ ᠪᠢᠳᠡᠨ ᠢ ᠨᠡᠩ ᠲᠣᠭᠲᠠᠯ ᠬᠦᠴᠦᠨ ᠲᠠᠢ ᠪᠣᠯᠭᠠᠪᠠ᠃    ᠪᠦᠬᠦ ᠲᠠᠯ᠎ᠠ ᠠᠴᠠ ᠦᠵᠡᠬᠦ ᠳᠤ᠂ ᠰᠠᠶᠢᠨᠲᠠᠢ ᠪᠠ ᠰᠠᠭᠠᠷ ᠲᠠᠢ ᠭᠡᠬᠦ ᠬᠤᠶᠠᠷ ᠲᠠᠯ᠎ᠠ ᠲᠠᠢ︔ ᠬᠤᠶᠠᠷ ᠲᠠᠯ᠎ᠠ ᠠᠴᠠ ᠠᠵᠢᠬᠤ ᠨᠢ᠂ ᠦᠨᠡᠨ ᠳᠤ ᠪᠠᠨ ᠪᠦᠬᠦ ᠲᠠᠯ᠎ᠠ ᠶᠢ ᠬᠠᠮᠤᠷᠤᠭᠰᠠᠨ ᠪᠠᠶᠢᠳᠠᠭ᠃    ᠮᠠᠨ ᠤ ᠤᠯᠤᠰ ᠤᠨ ᠠᠵᠤ ᠠᠬᠤᠶ ᠶᠢᠨ ᠬᠥᠭᠵᠢᠯᠲᠡ ᠨᠢ ᠰᠠᠭᠤᠷᠢ ᠪᠠᠷ ᠰᠠᠶᠢᠨ᠂ ᠤᠶᠠᠨ ᠬᠠᠳᠠᠨ ᠴᠢᠨᠠᠷ ᠢᠶᠠᠷ ᠴᠢᠩᠭ᠎ᠠ  ᠨᠢᠭᠤᠭᠳᠠᠮᠠᠯ ᠬᠦᠴᠦᠨ ᠢᠶᠠᠷ ᠶᠡᠭᠡ ᠵᠡᠷᠭᠡ ᠠᠰᠢᠭᠲᠠᠶ ᠨᠥᠬᠦᠴᠡᠯ ᠬᠤᠪᠢᠷᠬᠠᠰᠠᠨ ᠦᠭᠡᠶ ᠪᠠᠶᠢᠵᠤ᠂ ᠮᠠᠨ ᠤ ᠤᠯᠤᠰ ᠬᠡᠳᠦ ᠶᠡᠭᠡ ᠬᠡᠪᠴᠢᠶᠡᠵᠢᠯ ᠲᠠᠢ ᠵᠠᠬ᠎ᠠ ᠳᠡᠯᠭᠡᠭᠦᠷ ᠲᠠᠢ ᠪᠠᠶᠢᠵᠤ᠂ ᠠᠵᠤ ᠦᠢᠯᠡᠰ ᠤᠨ ᠲᠣᠭᠲᠠᠯᠴᠠᠭ᠎ᠠ ᠨᠢ ᠪᠦᠷᠢᠨ ᠪᠦᠲᠦᠨ᠂ ᠳᠦᠬᠦᠷᠵᠢᠭᠰᠡᠨ ᠴᠢᠳᠠᠪᠤᠷᠢ ᠪᠠᠷ ᠴᠢᠩᠭ᠎ᠠ᠂ ᠨᠡᠮᠡᠭᠳᠡᠯ ᠤᠨ ᠣᠷᠣᠨ ᠵᠠᠶ ᠶᠡᠭᠡ ᠵᠡᠷᠭᠡ ᠳᠠᠪᠠᠭᠤᠯᠢᠭ ᠮᠥᠨ ᠬᠦ ᠣᠷᠣᠰᠢᠭᠰᠠᠭᠠᠷ ᠪᠠᠶᠢᠨ᠎ᠠ᠃    ᠡᠭᠦᠨ ᠤ ᠬᠠᠮᠲᠤ᠂ ᠮᠠᠨ ᠤ ᠤᠯᠤᠰ ᠤᠨ ᠠᠵᠤ ᠠᠬᠤᠢ ᠶᠠᠭ ᠪᠦᠲᠦᠴᠡ ᠪᠠᠨ ᠳᠣᠬᠢᠷᠠᠭᠤᠯᠬᠤ᠂ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠭᠦᠯᠬᠦ ᠵᠠᠩᠭᠢᠯᠠᠭ᠎ᠠ ᠶᠢᠨ ᠬᠤᠭᠤᠴᠠᠭᠠᠨ ᠳᠤ ᠣᠷᠤᠰᠢᠵᠤ᠂ ᠬᠥᠭᠵᠢᠯᠲᠡ ᠶᠢᠨ ᠠᠷᠭ᠎ᠠ ᠮᠠᠶ᠋ᠢᠭ ᠢᠶᠠᠨ ᠬᠤᠪᠢᠷᠠᠭᠤᠯᠬᠤ ᠠᠴᠠ ᠠᠪᠤᠭᠠᠳ ᠠᠵᠤ ᠦᠢᠯᠡᠰ ᠤᠨ ᠪᠦᠲᠦᠴᠡ ᠶᠢ ᠰᠢᠯᠢᠳᠡᠭᠵᠢᠭᠦᠯᠬᠦ᠂ ᠬᠥᠭᠵᠢᠯᠲᠡ ᠶᠢᠨ ᠶᠠᠰᠤ ᠴᠢᠨᠠᠷ ᠤᠨ ᠬᠤᠪᠢᠰᠤᠯᠲᠠ᠂ ᠬᠥᠭᠵᠢᠯᠲᠡ ᠶᠢᠨ ᠬᠥᠳᠡᠯᠭᠡᠬᠦ ᠡᠨᠧᠷᠭᠢ ᠶᠢᠨ ᠰᠣᠯᠢᠭᠳᠠᠯ ᠬᠦᠷᠲᠡᠯ᠎ᠡ ᠦᠶᠡᠯᠡᠯ ᠤᠨ ᠴᠢᠨᠠᠷᠲᠠᠢ ᠪᠦᠲᠦᠴᠡ ᠶᠢᠨ ᠴᠢᠨᠠᠷᠲᠠᠢ ᠵᠥᠷᠢᠴᠡᠯ ᠬᠠᠷᠢᠯᠴᠠᠨ ᠰᠣᠯᠪᠢᠴᠠᠵᠤ᠂ ᠬᠡᠯᠪᠡᠷᠢ ᠶᠢᠨ ᠬᠤᠪᠢᠷᠠᠭᠤᠯᠤᠯᠲᠠ ᠶᠢᠨ ᠡᠪᠡᠷᠰᠢᠶᠡᠯ ᠠᠴᠠ ᠳᠠᠯᠳᠠᠯᠠᠵᠤ ᠴᠤ ᠴᠢᠳᠠᠬᠤ ᠦᠭᠡᠢ ᠲᠤᠭᠤᠷᠢᠨ ᠭᠠᠷᠴᠤ ᠴᠤ ᠴᠢᠳᠠᠬᠤ ᠦᠭᠡᠢ ᠪᠣᠯᠪᠠ᠃    ᠤᠯᠠᠮ ᠬᠦᠴᠢᠷᠳᠡᠯ ᠲᠠᠢ ᠴᠠᠭ ᠦᠶ᠎ᠡ ᠳᠤ ᠬᠦᠴᠢᠷ ᠪᠡᠷᠭᠡᠰᠢᠶᠠᠯ ᠢ ᠢᠯᠡᠨ ᠲᠠᠪᠠᠵᠤ᠂ ᠭᠡᠷᠡᠯ ᠭᠢᠯᠪᠠᠭ᠎ᠠ ᠪᠠᠨ ᠳᠠᠬᠢᠨᠲᠠ ᠰᠠᠴᠤᠷᠠᠭᠤᠯᠬᠤ ᠡᠷᠡᠰ ᠵᠤᠷᠢᠭ ᠪᠠ ᠢᠳᠡᠭᠡᠯ ᠵᠤᠷᠢᠭ ᠢᠶᠠᠨ ᠤᠯᠠᠮ ᠪᠠᠳᠤᠳᠬᠠᠵᠤ᠂ ᠡᠷᠭᠡᠪᠰᠢ ᠴᠢᠨᠠᠷ ᠰᠠᠶᠢᠳᠠᠢ ᠬᠦᠭᠵᠢᠯᠳᠠ ᠶᠢᠨ ᠵᠠᠮ ᠢᠶᠠᠷ ᠡᠷᠡᠰ ᠭᠤᠶᠢᠪᠢᠰᠢ ᠦᠭᠡᠢ ᠵᠠᠮᠨᠠᠵᠤ᠂ ᠶᠠᠭᠠᠬᠢᠬᠰᠠᠨ ᠴᠤ ᠬᠦᠴᠢᠷ ᠪᠡᠷᠭᠡᠰᠢᠶᠠᠯ ᠪᠠ ᠦᠷᠢᠰᠦᠯᠳᠤᠭᠡᠨ ᠠᠴᠠ ᠪᠤᠯᠵᠤ ᠬᠠᠭᠠᠰ ᠲᠤᠲᠠᠭᠤ ᠣᠷᠬᠢᠨ ᠤᠬᠤᠷᠢᠵᠤ᠂ ᠵᠠᠩᠰᠢᠯᠳᠤ ᠴᠢᠨᠠᠷᠳᠠᠢ ᠪᠠᠷ ᠪᠦᠳᠤᠬᠦᠯᠢᠭ ᠮᠠᠶ᠋ᠢᠭ ᠲᠡᠶᠢᠰᠢ ᠥᠷᠭᠡᠳᠭᠡᠬᠦ᠂ ᠲᠤᠤᠷ᠎ᠡ ᠦᠷ᠎ᠠ ᠠᠰᠢᠭᠲᠤ ᠬᠦᠭᠵᠢᠯᠳᠠ ᠶᠢ ᠬᠦᠬᠡᠬᠡᠴᠡᠯᠳᠤᠬᠦ ᠬᠠᠭᠤᠴᠢᠨ ᠵᠠᠮ ᠳᠤ ᠪᠠᠨ ᠪᠤᠴᠠᠵᠤ ᠪᠤᠯᠬᠤ ᠦᠭᠡᠢ᠃    ᠦᠨᠳᠦᠰᠦᠨ ᠠᠴᠠ ᠨᠢ ᠠᠪᠴᠤ ᠬᠡᠯᠡᠪᠡᠯ᠂ ᠮᠠᠨ ᠤ ᠤᠯᠤᠰ ᠤᠨ ᠠᠵᠤ ᠠᠬᠤᠢ ᠶᠢᠨ ᠬᠥᠭᠵᠢᠯᠲᠡ ᠶᠢ ᠬᠢᠵᠠᠭᠠᠷᠯᠠᠵᠤ ᠪᠠᠶᠢᠭ᠎ᠠ ︽ᠪᠣᠭᠤᠮᠢ︾᠎ ᠶᠢ ᠡᠪᠳᠡᠬᠦ ᠶᠢᠨ ᠵᠠᠩᠭᠢᠯᠠᠭ᠎ᠠ ᠨᠢ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠳᠤ ᠪᠣᠢ᠃    ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠵᠠᠩᠭᠢᠯᠠᠭ᠎ᠠ ᠨᠢ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠣᠳᠣᠬᠢᠴᠢᠯᠠᠯᠲᠠ ᠳᠤ ᠪᠠᠶᠢᠵᠤ᠂ ᠴᠢᠨᠠᠷ ᠰᠠᠶᠢᠲᠠᠶ ᠬᠥᠭᠵᠢᠯᠲᠡ ᠶᠢ ᠪᠡᠶᠡᠯᠡᠭᠦᠯᠬᠦ ᠳᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠳᠤ ᠲᠦᠰᠢᠭᠯᠡᠨ ᠰᠢᠨ᠎ᠡ ᠬᠥᠳᠡᠯᠭᠡᠬᠦ ᠡᠨᠧᠷᠭᠢ ᠶᠢ ᠪᠤᠶᠢᠵᠢᠭᠤᠯᠬᠤ ᠬᠡᠷᠡᠭᠲᠡᠶ᠃    ᠡᠮᠦᠨᠡᠬᠡᠨ ᠨᠡᠶᠢᠲᠡᠯᠡᠭᠰᠡᠨ ︽2024 ᠣᠨ ᠤ ᠪᠥᠬᠦ ᠪᠥᠮᠪᠥᠷᠴᠡᠭ ᠤᠨ ᠰᠢᠨ᠎ᠡ ᠶᠢ ᠡᠭᠦᠳᠬᠦ ᠵᠢᠭᠠᠯᠲᠠ ᠲᠤᠭ᠎ᠠ ᠶᠢᠨ ᠮᠡᠳᠡᠭᠦᠯᠦᠯᠲᠡ︾᠎ ᠳᠤ ᠳᠤᠮᠳᠠᠳᠤ ᠤᠯᠤᠰ ᠪᠣᠯ 10 ᠵᠢᠯ ᠤᠨ ᠲᠤᠷᠰᠢ ᠰᠢᠨ᠎ᠡ ᠶᠢ ᠡᠭᠦᠳᠬᠦ ᠬᠦᠴᠦᠨ ᠢᠶᠠᠷ ᠬᠠᠮᠤᠭ ᠤᠨ ᠲᠦᠷᠭᠡᠨ ᠳᠡᠭᠡᠭᠰᠢᠯᠡᠭᠰᠡᠨ ᠠᠵᠤ ᠠᠬᠤᠶ ᠶᠢᠨ ᠴᠣᠭᠴᠠ ᠶᠢᠨ ᠨᠢᠭᠡ ᠪᠠᠶᠢᠵᠤ᠂ ᠰᠢᠨ᠎ᠡ ᠶᠢ ᠡᠭᠦᠳᠬᠦ ᠬᠥᠭᠵᠢᠯᠲᠡ ᠨᠢ ᠶᠠᠭ ᠬᠦᠴᠦᠷᠬᠡᠭ ᠶᠡᠭᠡ ᠬᠥᠳᠡᠯᠭᠡᠬᠦ ᠬᠦᠴᠦᠨ ᠪᠠ ᠥᠷᠭᠡᠨ ᠠᠭᠤᠳᠠᠮ ᠢᠷᠡᠭᠡᠳᠦᠶ ᠶᠢ ᠢᠯᠡᠷᠡᠭᠦᠯᠵᠦ ᠪᠠᠶᠢᠨ᠎ᠠ ᠭᠡᠵᠡᠶ᠃    ᠮᠠᠨ ᠤ ᠤᠯᠤᠰ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠥᠭᠵᠢᠯᠲᠡ ᠶᠠᠭ ᠪᠦᠷᠢᠮᠦᠰᠦᠨ ᠰᠠᠶᠢᠨ ᠬᠦᠴᠦᠷᠬᠡᠭᠵᠢᠭᠡ ᠦᠭᠡᠶ᠂ ᠤᠷᠤᠭᠰᠢᠯᠠᠬᠤ ᠦᠭᠡᠶ ᠪᠣᠯ ᠤᠬᠤᠷᠢᠬᠤ ᠵᠠᠩᠭᠢᠯᠠᠭ᠎ᠠ ᠶᠢᠨ ᠱᠠᠲᠤᠨ ᠳᠤ ᠣᠷᠣᠰᠢᠵᠤ᠂ ᠵᠠᠷᠢᠮ ᠵᠠᠩᠭᠢᠯᠠᠭ᠎ᠠ ᠶᠢᠨ ᠭᠤᠤᠯᠯᠠᠬᠤ ᠮᠡᠷᠭᠡᠵᠢᠯ ᠨᠢ ᠪᠤᠰᠤᠳ ᠬᠥᠮᠦᠨ ᠳᠤ ᠬᠢᠵᠠᠭᠠᠷᠯᠠᠭᠳᠠᠵᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠣᠷᠦ᠋ᠢᠯᠠᠭᠰᠠᠨ ᠴᠢᠳᠠᠪᠤᠷᠢᠲᠠᠨ ᠬᠦᠷᠦᠯᠴᠡᠬᠦ ᠦᠭᠡᠶ ᠪᠠᠶᠢᠨ᠎ᠠ᠃ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠣᠮᠣ ᠤᠯᠤᠰ ᠠᠴᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠦᠴᠦᠷᠬᠡᠭ ᠤᠯᠤᠰ ᠲᠡᠶᠢᠰᠢ ᠤᠷᠤᠭᠰᠢᠯᠠᠬᠤ ᠳᠤ ᠡᠯ᠎ᠡ ᠵᠦᠢᠯ ᠤᠨ ᠬᠠᠷᠰᠢᠯᠠᠯ ᠳᠤ ᠤᠴᠠᠷᠠᠬᠤ ᠨᠢ ᠵᠠᠶᠢᠯᠠᠰᠢ ᠦᠭᠡᠢ᠃ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠳᠤ ᠨᠢᠭᠡ ᠯᠡ ᠳᠡᠭᠡᠷ᠎ᠡ ᠠᠮᠵᠢᠯᠲᠠ ᠳᠤ ᠬᠦᠷᠴᠦ ᠴᠢᠳᠠᠬᠤ ᠦᠭᠡᠢ᠂ ᠬᠥᠭᠵᠢᠯᠲᠡ ᠶᠢ ᠠᠬᠢᠭᠤᠯᠬᠤ ᠬᠦᠴᠦᠷᠬᠡᠭ ᠶᠡᠭᠡ ᠬᠥᠳᠡᠯᠭᠡᠬᠦ ᠬᠦᠴᠦᠨ ᠢ ᠪᠤᠢ ᠪᠣᠯᠭᠠᠬᠤ ᠳᠤ ᠤᠷᠲᠤ ᠬᠤᠭᠤᠴᠠᠭᠠᠨ ᠤ ᠪᠠᠷᠢᠮᠲᠠᠯᠠᠯ ᠤᠨ ᠶᠠᠪᠤᠴᠠ ᠪᠠᠶᠢᠬᠤ ᠬᠡᠷᠡᠭᠲᠡᠢ᠃    ᠶᠡᠷᠦᠩᠬᠡᠢ ᠱᠦᠵᠢ ᠰᠢ ᠶᠢᠨ ᠫᠢᠩ᠂ ︽ᠡᠷᠬᠡᠪᠰᠢ ᠪᠠᠴᠢᠮ ᠲᠤᠯᠭᠠᠮ ᠰᠡᠳᠬᠢᠯᠭᠡ ᠪᠠᠨ ᠤᠯᠠᠮ ᠴᠢᠨᠠᠭᠰᠢᠳᠠ ᠴᠢᠩᠭᠠᠳᠬᠠᠨ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠡᠷᠴᠢᠮ ᠢᠶᠠᠨ ᠤᠯᠠᠮ ᠴᠢᠨᠠᠭᠰᠢᠳᠠ ᠴᠢᠩᠭᠠᠷᠠᠭᠤᠯᠵᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠥᠷᠢᠰᠥᠯᠳᠦᠭᠡᠨ ᠪᠠ ᠢᠷᠡᠭᠡᠳᠦᠢ ᠶᠢᠨ ᠬᠥᠭᠵᠢᠯᠲᠡ ᠶᠢᠨ ᠠᠰᠢᠭᠲᠠᠢ ᠪᠠᠶᠢᠷᠢ ᠶᠢ ᠵᠠᠪᠳᠤᠨ ᠡᠵᠡᠯᠡᠬᠦ ᠬᠡᠷᠡᠭᠲᠡᠢ︾ ᠭᠡᠵᠦ ᠴᠢᠬᠤᠯᠠᠴᠢᠯᠠᠪᠠ᠂ ᠡᠷᠳᠡᠮ ᠰᠢᠨᠵᠢᠯᠡᠭᠡᠨ ᠤ ᠠᠵᠢᠯᠲᠠᠳ ᠢ ︽︿ᠬᠥᠮᠦᠨ ᠤ ᠠᠮᠢᠳᠤᠷᠠᠯ ᠳᠤ ᠲᠡᠮᠡᠴᠡᠬᠦ ᠠᠵᠠ ᠳᠣᠬᠢᠶᠠᠯ ᠬᠡᠳᠦ ᠯᠡ ᠤᠳᠠᠭ᠎ᠠ ᠪᠠᠶᠢᠬᠤ ᠪᠣᠢ﹀ ᠭᠡᠬᠦ ᠡᠷᠴᠢ ᠵᠣᠷᠢᠭ ᠢᠶᠠᠷ ᠵᠣᠷᠢᠭᠲᠠᠢ ᠪᠠᠷ ᠰᠢᠨ᠎ᠡ ᠶᠢ ᠡᠭᠦᠳᠴᠦ ᠡᠭᠦᠳᠦᠨ ᠪᠦᠲᠦᠭᠡᠬᠦ ᠬᠡᠷᠡᠭᠲᠡᠢ︾ ᠭᠡᠵᠦ ᠵᠣᠷᠢᠭᠵᠢᠭᠤᠯᠪᠠ᠃    ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠥᠬᠦᠳᠡ ᠬᠤᠷᠠᠯᠳᠤᠭᠠᠨ ᠤ ︽ᠲᠣᠭᠲᠠᠭᠠᠯ︾᠎ ᠳᠤ ︽ᠪᠥᠬᠦ ᠲᠠᠯ᠎ᠠ ᠪᠠᠷ ᠰᠢᠨ᠎ᠡ ᠶᠢ ᠡᠭᠦᠳᠬᠦ ᠶᠢ ᠳᠡᠮᠵᠢᠬᠦ ᠪᠠᠶᠢᠭᠤᠯᠤᠯ ᠲᠣᠭᠲᠠᠴᠠ ᠶᠢ ᠴᠣᠭᠴᠠᠯᠠᠬᠤ︾᠎ ᠶᠢ ᠳᠤᠷᠠᠳᠴᠤ᠂ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠴᠢᠳᠠᠪᠤᠷᠢᠲᠠᠨ ᠤ ᠪᠠᠶᠢᠭᠤᠯᠤᠯ ᠲᠣᠭᠲᠠᠴᠠ ᠶᠢ ᠨᠢᠭᠡ ᠴᠤᠭᠴᠠᠵᠢᠭᠤᠯᠤᠭᠰᠠᠨ ᠥᠭᠡᠷᠡᠴᠢᠯᠡᠯᠲᠡ ᠶᠢᠨ ᠡᠯ᠎ᠡ ᠵᠦᠢᠯ ᠤᠨ ᠠᠷᠭ᠎ᠠ ᠬᠡᠮᠵᠢᠶ᠎ᠡ ᠶᠢ ᠶᠠᠭ ᠱᠠᠯᠠᠪᠳᠠᠨ ᠬᠡᠷᠡᠭᠵᠢᠭᠦᠯᠬᠦ ᠶᠢ ᠨᠢᠭᠡᠳᠦᠯᠲᠡᠶ ᠲᠦᠯᠦᠪᠯᠡᠨ ᠠᠬᠢᠭᠤᠯᠵᠤ ᠪᠣᠢ᠃ ᠨᠢᠳᠤᠨᠤᠨ ᠤ ᠮᠠᠨ ᠤ ᠤᠯᠤᠰ ᠤᠨ R&D᠎ ᠤᠨ ᠰᠤᠳᠤᠯᠤᠨ ᠨᠡᠬᠡᠬᠡᠬᠦ ᠳᠤ ᠵᠠᠷᠤᠴᠠᠭᠤᠯᠤᠭᠰᠠᠨ ᠪᠡᠯᠡ ᠣᠷᠣᠭᠤᠯᠤᠯᠲᠠ ᠶᠢᠨ ᠶᠡᠷᠦᠩᠬᠡᠢ ᠬᠡᠮᠵᠢᠶ᠎ᠡ ᠠᠩᠬ᠎ᠠ ᠤᠳᠠᠭ᠎ᠠ 3.3 ᠲᠥᠮᠡᠨ ᠳ᠋ᠦᠩᠰᠢᠭᠤᠷ ᠲᠦᠭᠦᠷᠢᠭ ᠢ ᠳᠠᠪᠠᠵᠤ᠂ ᠳᠡᠯᠡᠬᠡᠢ ᠶᠢᠨ ᠬᠤᠶᠠᠳᠤᠭᠠᠷ ᠲᠤ ᠵᠢᠭᠰᠠᠭᠠᠭᠳᠠᠪᠠ᠃    ᠵᠠᠩᠭᠢᠯᠠᠭ᠎ᠠ ᠶᠢᠨ ᠭᠤᠣᠯᠯᠠᠬᠤ ᠮᠡᠷᠭᠡᠵᠢᠯ ᠤᠨ ᠰᠢᠪᠲᠤᠯᠤᠯᠲᠠ ᠶᠢᠨ ᠳᠠᠶᠢᠯᠠᠯᠳᠤᠭᠠᠨ ᠢ ᠰᠠᠶᠢᠲᠤᠷ ᠬᠢᠵᠦ᠂ ᠰᠠᠨᠲᠤᠷᠴᠤ ᠪᠣᠯᠬᠤ ᠦᠭᠡᠢ ᠮᠥᠷᠲᠡᠭᠡᠨ ᠪᠠᠰᠠ ᠬᠦᠯᠢᠶᠡᠵᠦ ᠪᠣᠯᠬᠤ ᠦᠭᠡᠢ᠂ ᠪᠠᠶᠢᠯᠳᠤᠬᠤ ᠪᠣᠳᠣᠯᠭ᠎ᠠ ᠶᠢᠨ ᠲᠣᠭᠲᠠᠯ ᠬᠦᠴᠦᠨ ᠢᠶᠠᠨ ᠪᠠᠲᠤᠯᠠᠵᠤ᠂ ᠴᠥᠬᠦᠷᠡᠰᠢ ᠦᠭᠡᠢ ᠪᠠᠷ ᠪᠠᠷᠢᠮᠲᠠᠯᠠᠪᠠᠯ ᠪᠢᠳᠡ ᠯᠠᠪᠲᠠᠢ ︽ᠪᠣᠭᠤᠮᠢ︾᠎ ᠶᠢᠨ ᠠᠰᠠᠭᠤᠳᠠᠯ ᠢ ᠰᠢᠪᠲᠤᠯᠵᠤ᠂ ᠬᠥᠭᠵᠢᠯᠲᠡ ᠶᠢᠨ ᠰᠠᠨᠠᠭᠠᠴᠢᠯᠠᠭᠠᠲᠤ ᠡᠷᠬᠡ ᠶᠢ ᠪᠠᠲᠤ ᠡᠵᠡᠮᠳᠡᠨ᠎ᠡ ᠭᠡᠳᠡᠭ ᠲᠤ ᠢᠲᠡᠭᠡᠵᠦ ᠪᠠᠶᠢᠨ᠎ᠠ᠃    ︽ᠶᠠᠪᠤᠬᠤ ᠵᠠᠮ ᠵᠥᠪ ᠪᠣᠯ ᠬᠤᠯᠠ ᠵᠠᠢ ᠠᠴᠠ ᠠᠶᠤᠬᠤ ᠦᠭᠡᠢ︾
 
ᠢᠷᠡᠯᠲᠡ᠄ ᠦᠪᠤᠷ ᠮᠤᠩᠭᠤᠯ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号