ᠣᠶᠢᠷ᠎ᠠ ᠳᠤ᠂ ᠰᠤᠷᠪᠤᠯᠵᠢᠯᠠᠭᠴᠢ ᠬᠤᠰᠢᠭᠤᠨ ᠤ ᠲᠠᠷᠢᠶᠠᠯᠠᠩ ᠮᠠᠯ ᠠᠵᠤ ᠠᠬᠤᠶ ᠪᠠ ᠰᠢᠨᠵᠢᠯᠡᠬᠦ ᠤᠬᠠᠭᠠᠨ | ᠲᠧᠭᠨᠢᠭ ᠮᠡᠷᠭᠡᠵᠢᠯ ᠤᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ ᠣᠲᠣ ᠪᠣᠯᠲᠠᠯ᠎ᠠ ᠪᠦᠬᠦ ᠬᠤᠰᠢᠭᠤ ᠪᠠᠷ ᠢᠶᠠᠨ | ᠨᠢᠬᠡᠨᠳᠡ 148.5 ᠲᠦᠮᠡᠨ ᠮᠥ ᠲᠠᠷᠢᠮᠠᠯ ᠤᠨ ᠬᠤᠷᠢᠶᠠᠯᠳᠠ ᠶᠢ ᠬᠢᠵᠦ᠂ ᠶᠡᠷᠦᠩᠬᠡᠶ ᠲᠠᠯᠠᠪᠠᠶ ᠶᠢᠨ 80 % ᠶᠢ | ᠪᠡᠶᠡᠯᠡᠬᠦᠯᠦᠭᠡᠳ᠂ ᠪᠥᠬᠦ ᠬᠤᠰᠢᠭᠤᠨ ᠤ ᠨᠠᠮᠤᠷ ᠤᠨ ᠬᠤᠷᠢᠶᠠᠯᠲᠠ ᠶᠢᠨ ᠠᠵᠢᠯ ᠨᠢᠭᠡᠨᠲᠡ ᠰᠢᠪᠲᠤᠷᠭᠠᠨ ᠳᠠᠭᠠᠨ | ᠣᠷᠣᠵᠠᠶ᠃ ᠡᠨᠡ ᠵᠢᠯ ᠤᠨ 8 ᠰᠠᠷ᠎ᠠ ᠠᠴᠠ ᠨᠠᠰᠢ᠂ ᠲᠠᠶᠢᠹᠤᠰᠧ ᠬᠤᠰᠢᠭᠤᠨ ᠤ ᠨᠠᠮᠤᠷ ᠤᠨ ᠬᠤᠷᠢᠶᠠᠯᠲᠠ ᠶᠢᠨ ᠠᠵᠢᠯ | ᠵᠠᠯᠭᠠᠭ᠎ᠠ ᠪᠠᠷ ᠶᠠᠪᠤᠭᠳᠠᠨ᠂ ᠲᠠᠷᠢᠮᠠᠯ ᠤᠨ ᠠᠵᠤ ᠠᠬᠤᠶᠢᠯᠠᠯ ᠪᠠ ᠲᠠᠷᠢᠮᠠᠯ ᠤᠨ ᠡᠷᠦᠬᠡ ᠨᠦᠭᠦᠳ ᠨᠢ ᠴᠠᠭ ᠢ ᠵᠠᠪᠳᠤᠨ | ᠠᠵᠢᠯᠯᠠᠵᠤ᠂ ᠬᠥᠮᠦᠨ ᠤ ᠬᠦᠴᠦ ᠪᠠ ᠮᠠᠰᠢᠨᠴᠢᠯᠠᠯᠲᠠ ᠶᠢᠨ ᠠᠷᠭ᠎ᠠ ᠪᠠᠷ ᠲᠠᠮᠵᠢᠭᠠᠳ᠂ ᠨᠠᠮᠤᠷ ᠤᠨ ᠬᠤᠷᠢᠶᠠᠯᠲᠠ ᠶᠢᠨ | ᠦᠢᠯᠡᠳᠪᠦᠷᠢᠯᠡᠯ ᠤᠨ ᠠᠬᠢᠴᠠ ᠶᠢ ᠲᠦᠷᠭᠡᠳᠭᠡᠭᠰᠡᠨ ᠪᠠᠶᠢᠨ᠎ᠠ᠃ | ᠯᠦᠸᠧ ᠲᠦᠸᠧ ᠱᠠᠨ ᠪᠠᠯᠭᠠᠰᠤᠨ ᠤ ᠴᠢᠯᠠᠭᠤᠨ ᠤᠰᠤ ᠲᠣᠰᠬᠤᠨ ᠤ ᠲᠠᠷᠢᠶᠠᠴᠢᠨ ᠵᠤᠤ ᠢᠦᠶ ᠯᠢᠶᠠᠩ᠄ ︽ | ᠡᠨᠡ ᠵᠢᠯ 600 ᠭᠠᠷᠤᠶ ᠮᠦ ᠶᠤᠤᠮᠠᠶ ᠲᠠᠷᠢᠭᠰᠠᠨ᠂ ᠮᠦ ᠪᠦᠷᠢ ᠶᠢᠨ ᠤᠨᠠᠯᠲᠠ ᠪᠠᠷᠤᠭ 350 ᠵᠢᠩ᠂ ᠡᠨᠡ ᠬᠤᠶᠠᠷ | ᠡᠳᠦᠷ ᠵᠠᠬ᠎ᠠ ᠲᠡᠯᠬᠡᠬᠦᠷ ᠤᠨ ᠦᠨ᠎ᠡ ᠬᠠᠩᠰᠢ ᠵᠢᠩ ᠳᠡᠭᠡᠨ 1.6 ᠲᠥᠭᠦᠷᠢᠭ ᠠᠴᠠ 1.7 ᠲᠥᠭᠦᠷᠢᠭ ᠬᠦᠷᠴᠦ | ᠪᠤᠢ᠂ ᠨᠡᠯᠢᠶᠡᠳ ᠰᠠᠶᠢᠨ ᠪᠠᠶᠢᠭ᠎ᠠ︾ ᠃ | ᠥᠪᠥᠷ ᠮᠣᠩᠭᠤᠯ ᠤᠨ ᠠᠨ ᠾᠧ ᠲᠠᠷᠢᠶᠠᠯᠠᠩ ᠤᠨ ᠮᠠᠰᠢᠨ ᠤ ᠦᠢᠯᠡᠴᠢᠯᠡᠭᠡᠨ ᠤ ᠬᠢᠵᠠᠭᠠᠷᠲᠤ ᠺᠣᠮᠫᠠᠨᠢ ᠶᠢᠨ | ᠬᠠᠷᠢᠭᠤᠴᠠᠯᠭᠠᠲᠠᠨ ᠵᠣᠣ ᠪᠢᠩ ᠳ᠋ᠦᠩ᠄ ︽ᠲᠠᠷᠢᠶᠠᠨ ᠭᠠᠵᠠᠷ ᠤᠨ ᠴᠢᠨᠠᠷ ᠢ ᠰᠠᠶᠢᠵᠢᠷᠠᠭᠤᠯᠵᠤ᠂ ᠠᠮᠤ ᠪᠤᠳᠠᠭᠠᠨ ᠤ | ᠦᠢᠯᠡᠳᠪᠦᠷᠢᠯᠡᠯ ᠤᠨ ᠴᠢᠳᠠᠪᠤᠷᠢ ᠶᠢ ᠲᠡᠭᠡᠭᠰᠢᠯᠡᠬᠦᠯᠬᠦ ᠶᠢᠨ ᠲᠤᠰᠠᠳᠠ ᠮᠠᠨ ᠤ ᠬᠤᠰᠢᠭᠤᠨ ᠤ ᠬᠢᠨ ᠭᠠᠵᠠᠷ | ᠰᠢᠷᠤᠢ ᠶᠢ ᠭᠦᠨ ᠰᠤᠯᠠᠯᠠᠬᠤ ᠠᠵᠢᠯ ᠢ ᠢᠳᠡᠪᠬᠢᠲᠡᠢ ᠠᠬᠢᠭᠤᠯᠵᠤ ᠢᠷᠡᠵᠡᠢ ᠂ ᠲᠡᠭᠦᠨ ᠤ ᠦᠢᠯᠡᠳᠦᠯ ᠨᠢ ᠬᠥᠷᠥᠰᠥ | ᠰᠢᠷᠣᠶ ᠶᠢᠨ ᠪᠦᠲᠦᠴᠡ ᠶᠢ ᠰᠠᠶᠢᠵᠢᠷᠠᠭᠤᠯᠵᠤ᠂ ᠬᠥᠷᠥᠰᠥ ᠰᠢᠷᠣᠶ ᠶᠢᠨ ᠤᠰᠤ ᠶᠢ ᠬᠤᠷᠠᠮᠳᠤᠭᠤᠯᠤᠨ ᠴᠢᠭᠢᠭ | ᠬᠠᠳᠠᠭᠠᠯᠠᠬᠤ ᠴᠢᠳᠠᠪᠤᠷᠢ ᠶᠢ ᠨᠡᠮᠡᠭᠳᠡᠭᠦᠯᠵᠦ᠂ ᠢᠷᠡᠬᠦ ᠵᠢᠯ ᠤᠨ ᠬᠠᠪᠤᠷ ᠤᠨ ᠲᠠᠷᠢᠶᠠᠯᠠᠭ᠎ᠠ ᠳᠤ ᠮᠠᠰᠢ ᠰᠠᠶᠢᠨ ᠰᠠᠭᠤᠷᠢ | ᠶᠢ ᠲᠠᠯᠪᠢᠨ᠎ᠠ︾᠃ | 2024 ᠣᠨ ᠳᠤ᠂ ᠲᠠᠶᠢᠪᠤᠰᠧ ᠬᠤᠰᠢᠭᠤᠨ ᠤ ᠲᠠᠷᠢᠮᠠᠯ ᠤᠨ ᠲᠠᠯᠠᠪᠠᠢ 158.46 ᠲᠦᠮᠡᠨ ᠮᠥ ᠳᠤ ᠬᠦᠷᠴᠦ | ᠡᠭᠦᠨ ᠳᠤ ᠠᠮᠤ ᠪᠤᠳᠠᠭᠠᠨ ᠤ ᠲᠠᠷᠢᠮᠠᠯ 93.58 ᠲᠦᠮᠡᠨ ᠮᠥ ︵ ᠪᠤᠭᠤᠳᠠᠢ 3.35 ᠲᠦᠮᠡᠨ ᠮᠥ᠂ ᠡᠷᠳᠡᠨᠢ | ᠰᠢᠰᠢ 6.75 ᠲᠦᠮᠡᠨ ᠮᠥ᠂ ᠶᠤᠤᠮᠠᠢ 30.6 ᠲᠦᠮᠡᠨ ᠮᠥ᠂ ᠪᠤᠷᠴᠠᠭ ᠤᠨ ᠲᠥᠷᠥᠯ 1.24 ᠲᠦᠮᠡᠨ ᠮᠥ᠂ | ᠲᠥᠮᠥᠰᠥ 51.64 ᠲᠦᠮᠡᠨ ᠮᠥ︶᠂ ᠲᠣᠰᠣᠯᠢᠭ ᠲᠠᠷᠢᠮᠠᠯ 18.3 ᠲᠦᠮᠡᠨ ᠮᠥ᠂ ᠢᠳᠡᠰᠢᠨ ᠨᠣᠭᠤᠭ᠎ᠠ 12.07 | ᠲᠦᠮᠡᠨ ᠮᠥ᠂ ᠰᠢᠬᠢᠷ ᠯᠤᠤᠪᠠᠩ 4.67 ᠲᠦᠮᠡᠨ ᠮᠥ᠂ ᠡᠮ ᠤᠨ ᠮᠠᠲ᠋ᠧᠷᠢᠶᠠᠯ 0.77 ᠲᠦᠮᠡᠨ ᠮᠤ᠋᠂ ᠲᠡᠵᠢᠬᠡᠯ | ᠡᠪᠡᠰᠦ ᠪᠤᠷᠳᠤᠭ᠎ᠠ 29.07 ᠲᠦᠮᠡᠨ ᠮᠥ ᠲᠠᠷᠢᠭᠠᠳ᠂ ᠵᠢᠱᠢᠯᠲᠡ ᠪᠠᠷ 10 ᠰᠠᠷ᠎ᠠ ᠶᠢᠨ ᠰᠡᠭᠦᠯᠴᠢ ᠪᠠᠷ ᠨᠠᠮᠤᠷ ᠤᠨ | ᠬᠤᠷᠢᠶᠠᠯᠲᠠ ᠶᠢᠨ ᠠᠵᠢᠯ ᠦᠨᠳᠦᠰᠦᠨ ᠳᠡᠭᠡᠨ ᠲᠠᠭᠤᠰᠬᠤ ᠪᠠᠷ ᠪᠠᠶᠢᠨ᠎ᠠ᠃ |