ᠪᠡᠭᠡᠵᠢᠩ ᠤᠨ ᠲᠢᠶᠠᠨ ᠲᠠᠨ ᠡᠮᠨᠡᠯᠭᠡ ᠶᠢᠨ ᠬᠤᠷᠢᠶᠠᠨ ᠤ ᠬᠢᠨ ᠲᠠᠶᠢᠹᠤᠰᠧ ᠬᠤᠰᠢᠭᠤᠨ ᠳᠤ ᠲᠤᠭᠤᠷᠢᠨ ᠡᠮᠴᠢᠯᠡᠬᠦ ᠦᠢᠯᠡᠴᠢᠯᠡᠭᠡ ᠬᠢᠭᠰᠡᠨ
ᠨᠡᠶᠢᠲᠡᠯᠡᠭᠰᠡᠨ ᠴᠠᠭ᠄
2024/10/25
  ᠡᠮ ᠡᠮᠨᠡᠯᠭᠡ ᠪᠠᠷ ᠠᠷᠠᠳ ᠲᠤ ᠠᠰᠢᠭ ᠬᠦᠷᠲᠡᠭᠡᠬᠦ ᠢᠨᠵᠧᠨᠧᠷᠢᠩ ᠢ ᠯᠠᠪᠳᠠᠭᠤᠨ ᠪᠠᠲᠤᠲᠠᠶ ᠠᠬᠢᠭᠤᠯᠵᠤ᠂ ᠰᠢᠯᠢᠳᠡᠭ ᠡᠮᠴᠢᠯᠡᠭᠡᠨ ᠤ ᠡᠬᠢ ᠪᠠᠶᠠᠯᠢᠭ ᠢ ᠦᠨᠳᠦᠰᠦᠨ ᠱᠠᠳᠤ ᠵᠦᠭ ᠦᠷᠭᠡᠳᠭᠡᠨ᠂ ᠦᠨᠳᠦᠰᠦᠨ ᠱᠠᠲᠤᠨ ᠤ ᠡᠮᠨᠡᠯᠬᠡ ᠶᠢᠨ  ᠦᠢᠯᠡᠴᠢᠯᠡᠭᠡᠨ ᠤ ᠬᠢᠷᠢ ᠲᠦᠪᠰᠢᠨ ᠢ ᠳᠡᠭᠡᠭᠰᠢᠯᠡᠭᠦᠯᠵᠦ᠂ ᠰᠢᠯᠢᠳᠡᠭ ᠡᠮᠴᠢᠯᠡᠭᠡᠨ ᠤ  ᠦᠢᠯᠡᠴᠢᠯᠡᠭᠡ ᠶᠢ ᠣᠯᠠᠨ ᠲᠦᠮᠡᠨ ᠤ ︽ᠬᠡᠷ ᠤᠨ ᠡᠬᠦᠳᠡᠨ ᠡᠭᠦᠳᠡ︾᠎ ᠳᠤᠨᠢ ᠬᠦᠷᠭᠡᠬᠦ ᠶᠢᠨ ᠲᠥᠯᠥᠭᠡ᠂ ᠣᠶᠢᠷ᠎ᠠ ᠳᠤ ᠪᠡᠭᠡᠵᠢᠩ ᠤᠨ ᠲᠢᠶᠠᠨ ᠲᠠᠨ ᠡᠮᠨᠡᠯᠭᠡ ᠶᠢᠨ ᠬᠤᠷᠢᠶ᠎ᠠ ᠨᠢ ᠲᠠᠶᠢᠹᠤᠰᠧ ᠬᠤᠰᠢᠭᠤᠨ ᠳᠤ ᠬᠦᠨᠵᠡᠬᠡᠶᠢᠷᠡᠵᠦ ᠲᠣᠭᠤᠷᠢᠨ ᠡᠮᠴᠢᠯᠡᠬᠦ ᠠᠵᠢᠯ ᠥᠷᠨᠢᠭᠦᠯᠪᠡ᠃ ᠡᠨᠡ  ᠤᠳᠠᠭᠠᠨ ᠤ ᠲᠣᠭᠤᠷᠢᠨ ᠡᠮᠴᠢᠯᠡᠬᠦ ᠠᠵᠢᠯᠯᠠᠭ᠎ᠠ ᠳᠤ᠂ ᠲᠢᠶᠠᠨ ᠲᠠᠨ ᠡᠮᠨᠡᠯᠭᠡ ᠶᠢᠨ ᠬᠤᠷᠢᠶᠠᠨ ᠤ ᠮᠡᠳᠡᠷᠡᠯ ᠤᠨ ᠰᠠᠯᠠᠭ᠎ᠠ᠂ ᠠᠮᠢᠰᠬᠤᠯ ᠤᠨ ᠰᠠᠯᠠᠭ᠎ᠠ᠂ ᠶᠠᠰᠤᠨ ᠤ ᠰᠠᠯᠠᠭ᠎ᠠ᠂ ᠡᠮᠡᠭᠳᠡᠶᠢᠴᠤᠳ ᠤᠨ ᠰᠠᠯᠠᠭ᠎ᠠ᠂ ᠬᠡᠳᠦ ᠳᠠᠭᠤᠨ ᠲᠤᠯᠬᠢᠶᠠᠨ ᠤ ᠰᠠᠯᠠᠭ᠎ᠠ ᠵᠡᠷᠭᠡ ᠲᠤᠰᠬᠠᠢ ᠰᠠᠯᠠᠭᠠᠨ ᠤ ᠮᠡᠷᠭᠡᠵᠢᠯᠲᠡᠨ ᠢᠶᠠᠷ ᠪᠦᠷᠢᠯᠳᠦᠭᠰᠡᠨ ᠡᠮᠴᠢᠯᠡᠭᠡᠨ ᠤ ᠠᠩᠭᠢ ᠨᠢ  ᠡᠪᠡᠳᠴᠢᠨ ᠦᠵᠡᠬᠦᠯᠬᠦ ᠪᠠᠷ ᠪᠤᠶᠤ ᠠᠰᠠᠭᠤᠨ ᠯᠠᠪᠯᠠᠬᠤ ᠪᠠᠷ ᠢᠷᠡᠭᠰᠡᠨ ᠣᠯᠠᠨ ᠲᠦᠮᠡᠨ ᠢ ᠨᠢᠬᠡᠳ ᠨᠢᠬᠡ ᠪᠠᠷ ᠬᠦᠯᠢᠶᠡᠨ ᠠᠪᠴᠤ᠂ ᠡᠪᠡᠳᠴᠢᠨ ᠤ ᠥᠩᠭᠡᠷᠡᠯᠲᠡ᠂ ᠪᠠᠶᠢᠴᠠᠭᠠᠯᠭᠠᠭᠰᠠᠨ ᠮᠠᠲ᠋ᠧᠷᠢᠶᠠᠯ ᠢ ᠨᠢ ᠨᠠᠷᠢᠨ ᠬᠢᠨᠠᠮᠠᠭᠠᠶ ᠪᠠᠶᠢᠴᠠᠭᠠᠨ ᠦᠵᠡᠵᠦ᠂  ᠡᠪᠡᠳᠴᠢᠨ ᠤ ᠪᠠᠶᠢᠳᠠᠯ ᠢ ᠨᠢ ᠠᠰᠠᠭᠤᠨ ᠯᠠᠪᠯᠠᠬᠤ ᠶᠢᠨ ᠬᠠᠮᠳᠤ᠂ ᠣᠯᠠᠨ ᠲᠦᠮᠡᠨ ᠤ ᠬᠦᠴᠢᠷ ᠲᠦᠪᠡᠭᠲᠡᠶ ᠠᠰᠠᠭᠤᠳᠠᠯ ᠳᠤ ᠬᠦᠯᠢᠴᠡᠩᠭᠦᠶ ᠪᠠᠷ ᠬᠠᠷᠢᠭᠤᠯᠳᠠ ᠦᠭᠴᠦ᠂ ᠡᠪᠡᠳᠴᠢᠲᠡᠨ ᠨᠢᠭᠡᠪᠦᠷᠢ ᠶᠢᠨ ᠪᠣᠳᠠᠲᠠᠶ ᠪᠠᠶᠢᠳᠠᠯ ᠢ ᠦᠨᠳᠦᠰᠦᠯᠡᠨ ᠵᠢᠯᠣᠭᠤᠳᠬᠤ ᠴᠢᠨᠠᠷᠲᠠᠶ ᠣᠨᠣᠰᠢᠯᠠᠨ ᠡᠮᠨᠡᠬᠦ ᠰᠠᠨᠠᠯ ᠲᠤᠷᠠᠳᠴᠤ ᠡᠷᠡᠭᠦᠯ ᠮᠡᠨᠳᠦ ᠶᠢᠨ ᠵᠢᠯᠣᠭᠤᠳᠣᠯᠭ᠎ᠠ ᠬᠢᠭᠰᠡᠨ ᠪᠠᠶᠢᠯ᠎ᠠ᠃ ᠲᠢᠶᠠᠨ ᠲᠠᠨ ᠡᠮᠨᠡᠯᠭᠡ ᠶᠢᠨ ᠬᠤᠷᠢᠶᠠᠨ ᠤ ᠡᠮᠴᠢ ᠨᠠᠷ ᠪᠠᠰᠠ ᠲᠠᠶᠢᠹᠤᠰᠧ ᠬᠤᠰᠢᠭᠤᠨ ᠤ ᠠᠷᠠᠳ ᠤᠨ ᠡᠮᠨᠡᠯᠭᠡ ᠶᠢᠨ ᠬᠤᠷᠢᠶᠠᠨ ᠤ ᠡᠮᠨᠡᠯᠭᠡ ᠶᠢᠨ ᠠᠵᠢᠯᠲᠠᠳ ᠲᠠᠢ ᠰᠠᠨᠠᠯ ᠢᠶᠠᠨ ᠰᠣᠯᠢᠯᠴᠠᠵᠤ᠂ ᠬᠠᠮᠤᠭ ᠰᠢᠨ᠎ᠡ ᠡᠮᠴᠢᠯᠡᠭᠡᠨ ᠤ ᠮᠡᠳᠡᠯᠭᠡ ᠪᠠ ᠡᠮᠴᠢᠯᠡᠭᠡᠨ ᠤ ᠲᠤᠷᠰᠢᠯᠭ᠎ᠠ ᠪᠠᠨ ᠬᠤᠪᠢᠶᠠᠯᠴᠠᠵᠤ ᠪᠠᠶᠢᠯ᠎ᠠ᠃   ᠬᠠᠭᠠᠰ ᠰᠠᠷ᠎ᠠ ᠭᠠᠷᠤᠢ ᠶᠢᠨ ᠬᠤᠭᠤᠴᠠᠭᠠᠨ ᠳᠤ ᠲᠣᠭᠤᠷᠢᠨ ᠡᠮᠴᠢᠯᠡᠬᠦ ᠠᠩᠭᠢ ᠨᠢ ᠨᠢᠭᠡᠨᠲᠡ ᠲᠠᠶᠢᠹᠤᠰᠧ ᠬᠤᠰᠢᠭᠤ ᠬᠢᠭᠡᠳ ᠬᠦᠷᠰᠢ ᠵᠡᠷᠭᠡᠯᠡᠳᠡᠭᠡ ᠬᠤᠰᠢᠭᠤ ᠰᠢᠶᠠᠨ ᠎ ᠤ 9 ᠰᠤᠮᠤ ᠰᠢᠶᠠᠩ ᠪᠠᠯᠭᠠᠰᠤ ᠪᠠᠷ ᠲᠤᠭᠤᠷᠢᠵᠤ᠂  ᠤᠳᠤ ᠪᠤᠯᠳᠠᠯ᠎ᠠ  ᠨᠢᠭᠡᠨᠲᠡ 500 ᠬᠥᠮᠦᠨ ᠤᠳᠠᠭ᠎ᠠ ᠶᠢ ᠤᠨᠤᠰᠢᠯᠠᠨ ᠡᠮᠴᠢᠯᠡᠭᠰᠡᠨ ᠪᠦᠭᠡᠳ ᠭᠠᠴᠠᠭ᠎ᠠ ᠲᠣᠰᠬᠤᠨ ᠤ ᠡᠮᠴᠢ ᠨᠠᠷ ᠲᠤ 10 ᠭᠠᠷᠤᠶ ᠤᠳᠠᠭ᠎ᠠ ᠡᠷᠡᠭᠦᠯ ᠮᠡᠨᠳᠦ ᠶᠢᠨ ᠤᠬᠠᠭᠤᠯᠭ᠎ᠠ ᠲᠠᠶᠢᠯᠤᠮᠵᠢ ᠬᠢᠵᠦ᠂  ᠰᠤᠮᠤ ᠰᠢᠶᠠᠩ ᠪᠠᠯᠭᠠᠰᠤᠨ ᠤ  ᠡᠮᠨᠡᠯᠬᠡ ᠶᠢᠨ ᠠᠵᠢᠯᠳᠠᠳ 84 ᠰᠢᠬᠠᠮ ᠬᠥᠮᠦᠨ ᠤᠳᠠᠭ᠎ᠠ ᠳᠤ ᠠᠵᠢᠯ ᠮᠡᠷᠭᠡᠵᠢᠯ ᠤᠨ ᠪᠣᠯᠪᠠᠰᠤᠷᠠᠯ  ᠬᠦᠷᠳᠡᠭᠡᠭᠰᠡᠨ ᠪᠠᠶᠢᠨ᠎ᠠ᠃ ᠲᠣᠭᠤᠷᠢᠨ ᠡᠮᠴᠢᠯᠡᠬᠦ ᠠᠩᠬᠢ ᠨᠢ ᠲᠠᠶᠢᠹᠤᠰᠧ ᠬᠤᠰᠢᠭᠤᠨ ᠤ ᠠᠷᠠᠳ ᠤᠯᠠᠨ ᠳᠤ ᠶᠡᠭᠡ ᠬᠡᠮᠵᠢᠶᠡᠨ ᠤ ᠡᠮᠴᠢᠯᠡᠭᠡᠨ ᠤ ᠡᠬᠢ ᠪᠠᠶᠠᠯᠢᠭ ᠢ ᠬᠦᠷᠬᠡᠵᠦ ᠠᠪᠴᠢᠷᠠᠭᠰᠠᠨ ᠢᠶᠠᠷ ᠪᠠᠷᠠᠬᠤ ᠥᠬᠡᠶ᠂ ᠬᠠᠮᠢᠶ᠎ᠠ ᠪᠥᠬᠦᠶ ᠪᠣᠯᠪᠠᠰᠤᠷᠠᠯ ᠪᠠ ᠰᠣᠯᠢᠯᠴᠠᠭ᠎ᠠ ᠪᠠᠷ ᠲᠠᠮᠵᠢᠭᠠᠳ ᠦᠨᠳᠦᠰᠦᠨ ᠱᠠᠲᠤᠨ ᠤ ᠡᠮᠨᠡᠯᠭᠡ ᠶᠢᠨ ᠠᠵᠢᠯᠲᠠᠨ ᠤ ᠲᠤᠬᠠᠶᠢᠯᠠᠭᠰᠠᠨ ᠠᠵᠢᠯ ᠤᠨ ᠬᠢᠷᠢ ᠲᠦᠪᠰᠢᠨ ᠪᠠ ᠦᠢᠯᠡᠴᠢᠯᠡᠭᠡᠨ ᠤ ᠴᠢᠳᠠᠪᠤᠷᠢ ᠶᠢ ᠳᠡᠭᠡᠭᠰᠢᠯᠡᠭᠦᠯᠵᠦ᠂ ᠡᠷᠡᠭᠦᠯ ᠡᠩᠬᠡ ᠲᠠᠶᠢᠹᠤᠰᠧ ᠬᠤᠰᠢᠭᠤ ᠶᠢ ᠪᠥᠲᠥᠭᠡᠨ ᠪᠠᠶᠢᠭᠤᠯᠬᠤ ᠳᠤ ᠪᠠᠲᠤ ᠪᠠᠬᠢ ᠰᠠᠭᠤᠷᠢ ᠶᠢ ᠲᠠᠯᠪᠢᠭᠰᠠᠨ ᠪᠠᠶᠢᠨ᠎ᠠ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号