| | ᠲᠠᠶᠢᠪᠤᠰᠧ ᠬᠤᠰᠢᠭᠤᠨ ᠤ ᠲᠤᠳᠤᠭᠠᠳᠦ ᠶᠢ ᠬᠠᠮᠠᠭᠠᠯᠠᠬᠤ ᠲᠤᠪᠴᠢᠶᠠᠨ ᠤ ᠵᠠᠮ ᠬᠠᠷᠢᠯᠴᠠᠭᠠᠨ ᠤ ᠴᠠᠭᠳᠠᠭᠠᠨ ᠤ | ᠶᠡᠭᠡ ᠠᠩᠭᠢ ᠶᠢᠨ ᠲᠤᠪᠴᠢ ᠲᠠᠨᠢᠯᠴᠠᠭᠤᠯᠭ᠎ᠠ | ᠲᠤᠰ ᠶᠡᠭᠡ ᠠᠩᠭᠢ ᠨᠢ 63 ᠨᠡᠷᠡᠰ ᠵᠢᠩᠬᠢᠨᠢ ᠴᠬᠠᠳᠠᠭ᠎ᠠ ᠪᠠ ᠲᠤᠰᠠᠯᠬᠠᠴᠢ ᠴᠬᠠᠳᠠᠭ᠎ᠠ ᠲᠠᠢ᠃ ᠪᠦᠬᠦ | ᠬᠤᠰᠢᠭᠤᠨ ᠤ 3415 ᠲᠡᠭᠰᠢ ᠲᠦᠷᠪᠡᠯᠵᠢᠨ ᠺᠢᠯᠦᠮᠧᠲᠷ ᠨᠤᠳᠤᠭ ᠳᠠᠬᠢ 23 ᠲᠦᠮᠡᠨ ᠬᠦᠮᠦᠨ ᠠᠮᠠ ᠶᠢᠨ ᠶᠡᠭᠡ | ᠪᠠᠭ᠎ᠠ 4 ᠲᠦᠮᠡᠨ ᠰᠠᠤᠷᠢ ᠮᠠᠰᠢᠨ ᠲᠡᠷᠭᠡ᠂ 48000 ᠨᠡᠷᠡᠰ ᠵᠢᠯᠤᠭᠤᠴᠢ ᠶᠢ ᠬᠠᠮᠢᠶᠠᠷᠬᠤ ᠡᠬᠦᠷᠭᠡ ᠶᠢ | ᠡᠬᠦᠷᠭᠡᠯᠡᠵᠤ᠂ ᠤᠯᠤᠰ ᠤᠨ ᠵᠠᠮ᠂ ᠮᠤᠵᠢ ᠶᠢᠨ ᠵᠠᠮ ᠪᠠ ᠤᠷᠤᠨ ᠨᠤᠳᠤᠭ ᠤᠨ ᠵᠠᠰᠠᠮᠠᠯ ᠵᠠᠮ ᠵᠡᠷᠭᠡ 1423 | ᠺᠢᠯᠤᠮᠧᠲᠷ ᠤᠷᠳᠤ ᠵᠠᠰᠠᠮᠠᠯ ᠵᠠᠮ ᠢ ᠬᠠᠮᠢᠶᠠᠷᠬᠤ ᠡᠬᠦᠷᠭᠡ ᠶᠢ ᠬᠠᠷᠢᠭᠤᠴᠠᠵᠤ ᠪᠤᠢ᠃ ᠲᠤᠰ ᠶᠡᠭᠡ ᠠᠩᠭᠢ ᠨᠢ ᠪᠦᠬᠦ | ᠬᠤᠰᠢᠭᠤᠨ ᠤ ᠵᠠᠮ ᠬᠠᠷᠢᠯᠴᠠᠭᠠᠨ ᠤ ᠠᠳᠡᠯ ᠢ ᠰᠢᠢᠳᠪᠤᠷᠢᠯᠡᠬᠦ᠂ ᠲᠦᠷᠢᠮ ᠲᠤᠠᠠᠳᠠᠭᠠᠯ ᠠᠴᠠ ᠵᠦᠷᠢᠴᠡᠭᠰᠡᠨ ᠦᠢᠯᠡ | ᠶᠠᠪᠤᠳᠠᠯ ᠢ ᠬᠢᠨᠠᠨ ᠪᠠᠶᠢᠴᠠᠭᠠᠵᠤ ᠰᠢᠢᠳᠪᠤᠷᠢᠯᠡᠬᠦ᠂ ᠶᠡᠭᠡ ᠪᠠᠭ᠎ᠠ ᠮᠠᠰᠢᠨ ᠲᠡᠷᠭᠡᠨ ᠤ ᠬᠠᠮᠢᠶᠠᠷᠤᠯᠳᠠ᠂ ᠵᠢᠯᠤᠭᠤᠴᠢ | ᠶᠢᠨ ᠲᠡᠪᠳᠡᠷ ᠤᠨ ᠬᠠᠮᠢᠶᠠᠷᠤᠯᠳᠠ᠂ ᠵᠠᠮ ᠬᠠᠷᠢᠯᠴᠠᠭᠠᠨ ᠤ ᠠᠮᠤᠷ ᠲᠦᠪᠰᠢᠨ ᠤ ᠤᠬᠠᠭᠤᠯᠭ᠎ᠠ ᠬᠢᠬᠦ᠂ ᠪᠠᠴᠢᠮ | ᠪᠠᠶᠢᠳᠠᠯ ᠢ ᠠᠷᠭᠠᠴᠠᠬᠤ ᠵᠡᠷᠭᠡ ᠠᠵᠢᠯ ᠡᠬᠦᠷᠭᠡ ᠶᠢ ᠬᠠᠷᠢᠭᠤᠴᠠᠵᠤ᠂ ᠬᠤᠰᠢᠭᠤᠨ ᠲᠦᠪ ᠪᠤᠤᠴᠠᠩ ᠪᠠᠯᠭᠠᠰᠤ ᠨᠢ | ᠮᠠᠨ ᠤ ᠠᠶᠢᠮᠠᠭ ᠠᠴᠠ ᠵᠠᠩ ᠵᠢᠶᠠ ᠺᠸᠤ ᠬᠤᠳᠠ ᠪᠠ ᠪᠡᠭᠡᠵᠢᠩ ᠬᠤᠳᠠ ᠬᠦᠷᠬᠦ ᠴᠢᠬᠤᠯᠠ ᠶᠡᠭᠡ ᠡᠮᠤᠨ᠎ᠠ ᠬᠠᠭᠠᠯᠭ᠎ᠠ | ᠪᠠ ᠵᠠᠮ ᠬᠠᠷᠢᠯᠴᠠᠭᠠᠨ ᠤ ᠴᠢᠬᠤᠯᠠ ᠪᠤᠭᠤᠮᠳᠠ ᠪᠤᠯᠤᠠᠠᠰᠠᠨ ᠠᠴᠠ ᠡᠳᠤᠷ ᠰᠦᠨᠢ ᠶᠢᠨ 24 ᠴᠠᠭ ᠲᠤ ᠡᠯ᠎ᠡ ᠵᠤᠶᠢᠯ | ᠤᠨ ᠮᠠᠰᠢᠨ ᠲᠡᠷᠭᠡ ᠨᠠᠰᠢ ᠴᠠᠰᠢ ᠰᠦᠯᠵᠢᠯᠳᠤᠵᠤ ᠵᠠᠮ ᠤᠨ ᠴᠬᠠᠳᠠᠭᠠᠨ ᠤ ᠠᠵᠢᠯ ᠡᠬᠦᠷᠭᠡ ᠬᠠᠷᠢᠴᠠᠩᠭᠤᠢ ᠪᠠᠷ | ᠬᠦᠨᠳᠤ ᠪᠠᠶᠢᠳᠠᠭ᠃ 2013 ᠤᠨ ᠳᠤ ᠲᠤᠰ ᠶᠡᠭᠡ ᠠᠩᠭᠢ ᠠᠴᠠ 4 ᠬᠦᠮᠦᠨ ᠬᠤᠰᠢᠭᠤᠨ ᠤ ᠲᠤᠳᠤᠭᠠᠳᠤ ᠶᠢ | ᠬᠠᠮᠠᠭᠠᠯᠠᠬᠤ ᠲᠤᠪᠴᠢᠶᠠᠨ ᠤ ᠲᠡᠷᠢᠬᠦᠨ ᠤ ᠬᠤᠪᠢ ᠬᠦᠮᠦᠨ ᠢᠶᠠᠷ ᠰᠤᠩᠭᠤᠠᠠᠳᠠᠵᠤ᠂ 5 ᠬᠤᠪᠢ ᠬᠦᠮᠦᠨ | ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠰᠠᠶᠢᠰᠢᠶᠠᠯ ᠢ ᠬᠦᠷᠳᠡᠵᠤ᠂ 1 ᠬᠦᠮᠦᠨ ᠠᠶᠢᠮᠠᠭ ᠤᠨ ᠲᠤᠳᠤᠭᠠᠳᠤ ᠶᠢ | ᠬᠠᠮᠠᠭᠠᠯᠠᠬᠤ ᠲᠤᠪᠴᠢᠶᠠᠨ ᠤ ᠰᠠᠶᠢᠰᠢᠶᠠᠯ ᠢ ᠬᠦᠷᠳᠡᠵᠤ᠂ 1 ᠬᠦᠮᠦᠨ ᠬᠤᠪᠢ ᠬᠦᠮᠦᠨ ᠤ ᠭᠤᠷᠪᠠᠳᠤᠭᠠᠷ ᠲᠡᠰ ᠤᠨ | ᠭᠠᠪᠢᠶ᠎ᠠ ᠲᠡᠮᠳᠡᠭᠯᠡᠬᠦᠯᠵᠤ᠂ ᠶᠡᠭᠡ ᠠᠩᠭᠢ ᠨᠢ ᠬᠠᠮᠳᠤ ᠶᠢᠨ ᠭᠠᠪᠢᠶ᠎ᠠ ᠲᠡᠮᠳᠡᠭᠯᠡᠬᠦᠯᠪᠡ᠃ | | ᠬᠤ᠋ ᠶᠥᠩ ᠶᠠᠨ — ᠲᠤᠰ ᠵᠢᠯ 46 ᠨᠠᠰᠤᠳᠠᠢ᠂ ᠲᠠᠶᠢᠪᠤᠰᠧ ᠬᠤᠰᠢᠭᠤᠨ ᠳᠤ ᠨᠤᠳᠤᠭ ᠲᠠᠢ᠃ | 1999 ᠤᠨ ᠳᠤ ᠤᠯᠠᠭᠠᠨᠴᠠᠪ ᠠᠶᠢᠮᠠᠭ ᠤᠨ ᠴᠠᠭᠳᠠᠭᠠᠨ ᠤ ᠰᠤᠷᠭᠠᠭᠤᠯᠢ ᠶᠢ ᠲᠡᠭᠦᠰᠴᠤ᠂ 2003 ᠤᠨ ᠳᠤ | ᠲᠠᠶᠢᠪᠤᠰᠧ ᠬᠤᠰᠢᠭᠤᠨ ᠤ ᠲᠤᠳᠤᠭᠠᠳᠦ ᠶᠢ ᠬᠠᠮᠠᠭᠠᠯᠠᠬᠤ ᠲᠤᠪᠴᠢᠶᠠᠨ ᠤ ᠬᠠᠤᠯᠢ ᠴᠠᠭᠠᠵᠠ ᠶᠢᠨ ᠶᠡᠭᠡ ᠠᠩᠭᠢ ᠳᠤ | ᠬᠤᠪᠢᠶᠠᠭᠳᠠᠵᠤ ᠠᠵᠢᠯᠯᠠᠪᠠ᠃ ᠲᠡᠷᠡ ᠥᠷᠭᠡᠨ ᠤᠯᠠᠨ ᠲᠦᠮᠡᠨ ᠳᠤ ᠬᠠᠮᠢᠶ᠎ᠠ ᠪᠦᠬᠦᠢ ᠬᠠᠤᠯᠢ ᠲᠦᠷᠢᠮ ᠢ ᠰᠠᠶᠢᠳᠤᠷ | ᠤᠬᠠᠭᠤᠯᠵᠤ ᠠᠵᠢᠯ ᠳᠤ ᠪᠠᠨ ᠠᠮᠵᠢᠯᠳᠡ ᠪᠦᠳᠦᠭᠡᠯ ᠭᠠᠷᠭᠠᠠᠠᠰᠠᠨ ᠠᠴᠠ 2013 ᠤᠨ ᠳᠤ ᠵᠤᠬᠢᠶᠠᠨ | ᠪᠠᠶᠢᠭᠤᠯᠤᠯᠳᠠ ᠠᠴᠠ ᠲᠡᠬᠦᠨ ᠢ ᠵᠠᠮ ᠬᠠᠷᠢᠯᠴᠠᠭᠠᠨ ᠤ ᠴᠠᠭᠳᠠᠭᠠᠨ ᠤ ᠶᠡᠭᠡ ᠠᠩᠭᠢ ᠶᠢᠨ ᠮᠠᠰᠢᠨ ᠲᠡᠷᠬᠡᠨ ᠤ | ᠬᠠᠮᠢᠶᠠᠷᠤᠯᠳᠡ ᠶᠢᠨ ᠰᠠᠯᠪᠤᠷᠢ ᠳᠤ ᠰᠢᠯᠵᠢᠬᠦᠯᠦᠨ ᠪᠦᠬᠦ ᠬᠤᠰᠢᠭᠤᠨ ᠤ ᠮᠠᠰᠢᠨ ᠲᠡᠷᠭᠡ ᠶᠢ ᠬᠢᠨᠠᠨ ᠬᠠᠮᠢᠶᠠᠷᠬᠤ ᠪᠠ | ᠮᠠᠰᠢᠨ ᠲᠡᠷᠬᠡᠨ ᠤ ᠵᠢᠯᠤᠭᠤᠴᠢ ᠶᠢᠨ ᠦᠨᠡᠮᠯᠡᠯ ᠢ ᠬᠢᠨᠠᠨ ᠰᠢᠯᠭᠠᠬᠤ ᠵᠡᠷᠭᠡ ᠠᠵᠢᠯ ᠢ ᠬᠠᠷᠢᠭᠤᠴᠠᠭᠤᠯᠪᠠ᠃ ᠡᠭᠦᠨ | ᠳᠤ ᠲᠡᠷᠡ ᠪᠡᠶ᠎ᠡ ᠳᠤ ᠪᠠᠨ ᠤᠯᠠᠮ ᠢᠡᠯᠬᠦᠤ ᠴᠢᠩᠭ᠎ᠠ ᠱᠠᠭᠠᠷᠳᠠᠯᠭ᠎ᠠ ᠲᠠᠯᠪᠢᠵᠤ ᠬᠠᠮᠢᠶ᠎ᠠ ᠪᠦᠭᠦᠢ ᠲᠦᠷᠢᠮ ᠲᠤᠭᠳᠠᠭᠠᠯ | ᠢ ᠴᠢᠩᠭ᠎ᠠ ᠵᠢᠷᠤᠮᠯᠠᠨ ᠰᠠᠳᠤᠨ ᠲᠦᠷᠦᠯ᠂ ᠬᠠᠮᠳᠤ ᠰᠤᠷᠤᠭᠴᠢ᠂ ᠨᠠᠶᠢᠵᠠ ᠨᠦᠬᠦᠳ ᠬᠡᠵᠤ ᠨᠠᠶᠢᠷ ᠲᠠᠯ᠎ᠠ ᠤᠭᠳᠦ | ᠬᠠᠷᠠᠯ ᠦᠬᠡᠢ ᠪᠠᠷ ᠲᠤᠭᠳᠠᠭᠠᠯ ᠶᠤᠰᠤᠭᠠᠷ ᠠᠵᠢᠯᠯᠠᠵᠤ ᠬᠠᠮᠳᠤ ᠠᠵᠢᠯᠯᠠᠭᠰᠠᠳ ᠪᠠ ᠲᠡᠭᠡᠳᠦ ᠱᠠᠳᠤᠨ ᠤ | ᠬᠤᠯᠪᠤᠭᠳᠠᠯ ᠪᠦᠭᠦᠢ ᠰᠠᠯᠠᠭ᠎ᠠ ᠮᠦᠴᠢᠷ ᠤᠨ ᠰᠠᠶᠢᠰᠢᠶᠠᠯ ᠮᠠᠭᠳᠠᠭᠠᠯ ᠢ ᠤᠯᠪᠠ᠃ ᠲᠡᠭᠡᠭᠡᠳ ᠲᠡᠷᠡ 2019 ᠤᠨ | ᠳᠤ ᠮᠠᠰᠢᠨ ᠲᠡᠷᠭᠡᠨ ᠤ ᠬᠠᠮᠢᠶᠠᠷᠤᠯᠳᠠ ᠶᠢᠨ ᠰᠠᠯᠪᠤᠷᠢ ᠶᠢᠨ ᠲᠠᠷᠤᠭ᠎ᠠ ᠪᠠᠷ ᠲᠡᠪᠰᠢᠭᠦᠯᠦᠭᠳᠡᠭᠰᠡᠨ ᠪᠦᠭᠡᠳ ᠤᠷᠢᠳ | ᠬᠤᠵᠢᠳ ᠲᠠᠶᠢᠪᠤᠰᠧ ᠬᠤᠰᠢᠭᠤᠨ ᠤ ᠨᠠᠮ ᠤᠨ ᠬᠤᠷᠢᠶᠠᠨ ᠤ ᠵᠤᠬᠢᠶᠠᠨ ᠪᠠᠶᠢᠭᠤᠯᠬᠤ ᠬᠡᠯᠳᠡᠰ ᠠᠴᠠ | ᠰᠢᠯᠭᠠᠷᠠᠭᠤᠯᠤᠠᠠᠰᠠᠨ ᠰᠢᠯᠢᠳᠡᠭ ᠠᠯᠪᠠᠳᠠᠨ᠂ ᠲᠠᠶᠢᠪᠤᠰᠧ ᠬᠤᠰᠢᠭᠤᠨ ᠤ ᠬᠠᠤᠯᠢ ᠲᠦᠭᠡᠮᠡᠯᠵᠢᠭᠦᠯᠬᠦ ᠲᠡᠷᠢᠭᠦᠨ ᠤ | ᠬᠤᠪᠢ ᠬᠦᠮᠦᠨ᠂ ᠪᠦᠬᠦ ᠠᠶᠢᠮᠠᠭ ᠤᠨ ᠬᠠᠤᠯᠢ ᠴᠠᠭᠠᠵᠠ ᠶᠢᠨ ᠰᠢᠰᠲ᠋ᠧᠮ ᠤᠨ ᠲᠡᠷᠢᠭᠦᠨ ᠤ ᠬᠤᠪᠢ ᠬᠦᠮᠦᠨ᠂ | ᠲᠠᠶᠢᠪᠤᠰᠧ ᠬᠤᠰᠢᠭᠤᠨ ᠤ 3.8 ᠶᠢᠨ ᠤᠯᠠᠭᠠᠨ ᠲᠤᠭᠴᠢ ᠵᠡᠷᠬᠡ ᠪᠠᠷ ᠰᠤᠩᠭᠤᠭᠳᠠᠵᠤ ᠬᠦᠬᠢᠭᠦᠯᠦᠨ | ᠰᠠᠶᠢᠰᠢᠶᠠᠭᠳᠠᠪᠠ᠃ | | ᠱᠧᠨ ᠳ᠋ᠧ ᠶᠢᠨ — ᠲᠤᠰ ᠵᠢᠯ 41 ᠨᠠᠰᠤᠳᠠᠢ᠂ ᠡᠪ ᠬᠠᠮᠳᠤ ᠨᠠᠮ ᠤᠨ ᠬᠡᠰᠢᠭᠦᠨ᠂ ᠶᠡᠭᠡ ᠰᠤᠷᠭᠠᠭᠤᠯᠢ | ᠶᠢᠨ ᠰᠤᠷᠤᠯᠭ᠎ᠠ ᠶᠢᠨ ᠨᠠᠮᠳᠠᠷ ᠲᠠᠢ᠂ 2005 ᠤᠨ ᠳᠤ ᠲᠠᠶᠢᠪᠤᠰᠧ ᠬᠤᠰᠢᠭᠤᠨ ᠤ ᠲᠤᠳᠤᠭᠠᠳᠦ ᠶᠢ ᠬᠠᠮᠠᠭᠠᠯᠠᠬᠤ | ᠲᠤᠪᠴᠢᠶᠠᠨ ᠤ ᠨᠢᠬᠡᠨ ᠨᠡᠷᠡᠰ ᠴᠠᠭᠳᠠᠭ᠎ᠠ ᠪᠤᠯᠵᠤ᠂ 2012 ᠤᠨ ᠠᠴᠠ ᠤᠳᠤ ᠪᠤᠯᠳᠠᠯ᠎ᠠ ᠵᠠᠮ ᠬᠠᠷᠢᠯᠴᠠᠭᠠᠨ ᠤ | ᠴᠠᠭᠳᠠᠭᠠᠨ ᠤ ᠬᠠᠮᠢᠶᠠᠷᠤᠯᠳᠡ ᠶᠢᠨ ᠶᠡᠭᠡ ᠠᠩᠭᠢ ᠶᠢᠨ ᠵᠠᠮ ᠬᠠᠷᠢᠯᠴᠠᠭᠠᠨ ᠤ ᠠᠳᠡᠯ ᠢ ᠰᠢᠢᠳᠪᠦᠷᠢᠯᠡᠬᠦ ᠲᠤᠮᠳᠠ | ᠠᠩᠭᠢ ᠶᠢᠨ ᠠᠵᠢᠯ ᠢ ᠬᠠᠷᠢᠭᠤᠴᠠᠵᠤ ᠪᠤᠢ᠃ ᠲᠠᠶᠢᠪᠤᠰᠧ ᠬᠤᠰᠢᠭᠤ ᠪᠤᠯ ᠰᠢᠯᠢ ᠶᠢᠨ ᠭᠤᠤᠯ ᠠᠶᠢᠮᠠᠭ ᠤᠨ ᠡᠮᠦᠨ᠎ᠡ | ᠶᠡᠭᠡ ᠬᠠᠭᠠᠯᠭ᠎ᠠ ᠪᠤᠯᠬᠤ ᠪᠦᠭᠡᠳ ᠰᠢᠯᠢ ᠶᠢᠨ ᠬᠤᠳᠠ ᠠᠴᠠ ᠵᠠᠩ ᠵᠢᠶᠠ ᠺᠧᠦ ᠬᠤᠳᠠ ᠪᠠ ᠪᠡᠭᠡᠵᠢᠩ ᠬᠤᠳᠠ ᠳᠤ | ᠬᠦᠷᠬᠦ ᠳᠤ ᠡᠷᠬᠡᠪᠰᠢ ᠦᠡᠭᠭᠡᠷᠡᠬᠦ ᠴᠢᠬᠤᠯᠠ ᠪᠠᠯᠭᠠᠰᠦ ᠪᠤᠯᠤᠨ᠎ᠠ᠃ ᠠᠳᠡ ᠲᠡᠭᠡᠳᠦ ᠬᠤᠷᠳᠤᠴᠠᠳᠦ ᠵᠠᠰᠠᠮᠠᠯ ᠵᠠᠮ ᠪᠠ | ᠤᠯᠤᠰ ᠤᠨ ᠵᠠᠮ᠂ ᠮᠤᠵᠢ ᠶᠢᠨ ᠵᠠᠮ ᠵᠡᠷᠬᠡ ᠰᠦᠯᠵᠢᠯᠳᠤᠨ ᠨᠡᠪᠳᠡᠷᠡᠵᠤ ᠮᠠᠰᠢᠨ ᠲᠡᠷᠬᠡ ᠡᠳᠦᠷ ᠰᠦᠨᠢ ᠦᠬᠡᠢ | ᠲᠠᠪᠬᠢᠯᠳᠤᠵᠤ ᠵᠠᠮ ᠬᠠᠷᠢᠯᠴᠠᠭᠠᠨ ᠤ ᠠᠳᠡᠯ ᠴᠦ ᠡᠬᠦᠨ ᠢ ᠲᠠᠭᠠᠯᠳᠤᠨ ᠤᠯᠠᠨ ᠭᠠᠷᠳᠠᠭ ᠠᠴᠠ ᠵᠠᠮ ᠤᠨ ᠴᠠᠭᠳᠠᠭᠠᠨ | ᠤ ᠠᠵᠢᠯ ᠤᠨ ᠡᠭᠦᠷᠬᠡ ᠲᠤᠶᠢᠯ ᠤᠨ ᠬᠦᠨᠳᠦ ᠪᠠᠶᠢᠳᠠᠭ᠃ ᠡᠨᠡᠬᠦ ᠪᠠᠶᠢᠳᠠᠯ ᠲᠤᠤᠷ᠎ᠠ ᠲᠡᠷᠡ 19 ᠵᠢᠯ ᠤᠨ ᠲᠤᠷᠰᠢ | ᠬᠠᠮᠳᠤ ᠠᠵᠢᠯᠯᠠᠭᠰᠠᠳ ᠲᠠᠢ ᠪᠠᠨ ᠮᠦᠷᠦ ᠵᠡᠷᠭᠡᠴᠡᠨ ᠪᠠᠶᠢᠯᠳᠤᠵᠤ ᠡᠯ᠎ᠡ ᠵᠦᠢᠯ ᠤᠨ ᠠᠵᠢᠯ ᠡᠭᠦᠷᠬᠡ ᠪᠠᠨ ᠠᠮᠵᠢᠯᠳᠠᠢ | ᠪᠡᠶᠡᠯᠡᠭᠦᠯᠵᠤ ᠢᠷᠡᠭᠰᠡᠨ ᠪᠠᠶᠢᠨ᠎ᠠ᠃ ᠤᠳᠤ ᠪᠤᠯᠳᠠᠯ᠎ᠠ ᠲᠡᠷᠡ ᠨᠡᠶᠢᠳᠡ 6000 ᠭᠠᠷᠤᠢ ᠤᠳᠠᠭ᠎ᠠ ᠶᠢᠨ ᠶᠡᠭᠡ ᠪᠠᠭ᠎ᠠ | ᠵᠠᠮ ᠬᠠᠷᠢᠯᠴᠠᠭᠠᠨ ᠤ ᠠᠳᠡᠯ ᠢ ᠰᠢᠢᠳᠪᠦᠷᠢᠯᠡᠬᠦ ᠠᠵᠢᠯ ᠳᠤ ᠤᠷᠤᠯᠴᠠᠵᠤ ᠤᠰᠤᠯ ᠠᠳᠡᠯ ᠨᠢᠬᠡ ᠤᠳᠠᠭ᠎ᠠ ᠴᠦ | ᠭᠠᠷᠤᠭᠰᠠᠨ ᠦᠬᠡᠢ ᠪᠦᠭᠡᠳ ᠬᠤᠶᠠᠷ ᠡᠳᠡᠭᠡᠳ ᠤᠨ ᠰᠡᠳᠬᠢᠯ ᠬᠠᠨᠤᠮᠵᠢ ᠶᠢᠨ ᠬᠡᠮᠵᠢᠶ᠎ᠡ 100% ᠳᠤ ᠬᠦᠷᠪᠡ᠃ | ᠢᠩᠭᠢᠭᠰᠡᠨ ᠠᠴᠠ ᠲᠡᠷᠡ ᠲᠡᠭᠡᠳᠦ ᠱᠠᠳᠤᠨ ᠤ ᠬᠤᠯᠪᠤᠭᠳᠠᠯ ᠪᠦᠭᠦᠢ ᠰᠠᠯᠠᠭ᠎ᠠ ᠮᠦᠴᠢᠷ ᠪᠠ ᠲᠠᠶᠢᠪᠤᠰᠧ ᠬᠤᠰᠢᠭᠤᠨ | ᠤ ᠲᠤᠳᠤᠭᠠᠳᠦ ᠶᠢ ᠬᠠᠮᠠᠭᠠᠯᠠᠬᠤ ᠲᠤᠪᠴᠢᠶᠠᠨ ᠤ ᠰᠢᠯᠢᠳᠡᠭ ᠴᠠᠭᠳᠠᠭ᠎ᠠ ᠪᠠᠷ ᠰᠤᠩᠭᠤᠭᠳᠠᠪᠠ᠃ | ᠤᠨᠴᠠ ᠤᠷᠢᠭᠰᠠᠨ ᠰᠤᠷᠪᠤᠯᠵᠢᠯᠠᠭᠴᠢ ᠬᠦᠷᠡᠯ |