ᠠᠯᠲᠠᠨ ᠨᠠᠮᠤᠷ ᠤᠨ ᠲᠠᠩᠰᠤᠭ ᠤᠯᠠᠷᠢᠯ ᠳᠤ ᠡᠯᠪᠡᠭ ᠬᠤᠷᠢᠶᠠᠯᠳᠠ ᠶᠢᠨ ᠡᠭᠡᠰᠢᠭ ᠬᠠᠩᠬᠢᠨᠠᠨ᠎ᠠ
ᠨᠡᠶᠢᠲᠡᠯᠡᠭᠰᠡᠨ ᠴᠠᠭ᠄
2023/8/30
   ᠨᠠᠢᠮᠠᠨ ᠰᠠᠷ᠎ᠠ ᠪᠤᠯ ᠪᠤᠯ ᠨᠠᠮᠤᠷ ᠤᠨ ᠬᠤᠷᠢᠶᠠᠯᠲᠠ ᠶᠢᠨ ᠴᠠᠭ ᠭᠡᠳᠡᠭ ᠨᠢ ᠮᠡᠳᠡᠭᠡᠵᠢ᠃ ᠡᠨᠡ ᠦᠶᠡᠰ ᠲᠠᠶᠢᠹᠤᠰᠧ ᠬᠤᠰᠢᠭᠤᠨ ᠤ ᠬᠦᠳᠡᠭᠡ ᠲᠤᠰᠬᠤᠨ ᠢᠶᠠᠷ ᠬᠦᠷᠬᠦ ᠳᠤ ᠮᠠᠰᠢᠨ ᠬᠦᠰᠭᠡ ᠰᠦᠯᠵᠢᠯᠳᠦᠨ᠂ ᠬᠥᠮᠥᠨ ᠬᠠᠷ᠎ᠠ ᠪᠤᠵᠢᠬᠢᠨᠠᠯᠳᠤᠵᠤ  ᠂ ᠡᠯᠪᠡᠭ ᠬᠤᠷᠢᠶᠠᠯᠲᠠ ᠶᠢᠨ ᠡᠭᠡᠰᠢᠭ ᠲᠠᠭᠤᠤ ᠰᠡᠳᠬᠢᠯ ᠪᠠᠶᠠᠰᠳᠠᠯ᠎ᠠ ᠴᠤᠤᠷᠢᠶᠠᠳᠤᠨ᠎ᠠ᠃      ︽ᠡᠨᠡ ᠵᠢᠯ ᠮᠢᠩᠭ᠎ᠠ ᠭᠠᠷᠤᠢ ᠮᠦ ᠭᠠᠵᠠᠷ ᠲᠠᠭᠠᠭᠠᠴᠢᠯᠠᠭᠰᠠᠨ᠂ 8 ᠰᠠᠷ᠎ᠠ   ᠶᠢᠨ 22 ᠤᠨ ᠡᠳᠦᠷ ᠠᠴᠠ ᠡᠬᠢᠯᠡᠨ ᠲᠥᠮᠥᠰᠥ ᠪᠠᠨ ᠬᠤᠷᠢᠶᠠᠵᠠᠢ  ᠂ ᠡᠨᠡ ᠬᠤᠶᠠᠷ ᠡᠳᠦᠷ ᠤᠨ ᠠᠭᠤᠷ ᠠᠮᠢᠰᠬᠤᠯ ᠮᠠᠰᠢ ᠰᠠᠶᠢᠨ᠂  ᠣᠳᠣ ᠶᠠᠭ ᠴᠠᠭ ᠢ  ᠵᠠᠪᠳᠤᠨ ᠬᠤᠷᠢᠶᠠᠵᠤ ᠪᠠᠶᠢᠨ᠎ᠠ᠂ ᠲᠥᠮᠥᠰᠥ   ᠶᠢ ᠪᠦᠷ ᠵᠠᠬᠢᠶᠠᠯᠠᠭ᠎ᠠ ᠶᠢᠨ ᠮᠠᠶ᠋ᠢᠭ ᠢᠶᠠᠷ ᠬᠤᠳᠠᠯᠳᠤᠨ᠎ᠠ᠂ ᠦᠨ᠎ᠡ ᠨᠢ ᠪᠠᠰᠠ ᠪᠤᠯᠴᠢᠬᠠᠨ᠎ᠠ᠂  ᠵᠢᠩ   ᠳᠡᠭᠡᠨ ᠨᠢᠭᠡ ᠲᠦᠬᠦᠷᠢᠭ ᠭᠠᠷᠴᠤ ᠪᠤᠢ᠂  ᠮᠠᠨ ᠤ ᠬᠥᠯᠥᠰᠦᠯᠡᠭᠰᠡᠨ ᠠᠵᠢᠯᠴᠢᠨ ᠪᠤᠯ ᠪᠦᠷ ᠣᠶᠢᠷ᠎ᠠ ᠬᠠᠪᠢ   ᠶᠢᠨ ᠲᠣᠰᠬᠤᠨ ᠤ ᠠᠷᠠᠳ  ︾ ᠭᠡᠵᠦ  ᠴᠢᠶᠠᠨ ᠶᠢᠨ ᠭᠧᠦ ᠪᠠᠯᠭᠠᠰᠤᠨ ᠤ ᠾᠧᠦ ᠳ᠋ᠢᠶᠠᠨ ᠲᠣᠰᠬᠤᠨ ᠤ ᠲᠥᠮᠥᠰᠥ ᠲᠠᠷᠢᠬᠤ ᠬᠦᠷᠢᠶᠡᠯᠡᠩ ᠤᠨ ᠬᠠᠷᠢᠭᠤᠴᠠᠯᠭᠠᠲᠠᠨ ᠸᠠᠩ ᠱᠤᠤ ᠬᠤᠸᠠ ᠶᠠᠷᠢᠯ᠎ᠠ᠃ ᠲᠥᠮᠥᠰᠥ ᠲᠠᠷᠢᠬᠤ ᠬᠦᠷᠢᠶᠡᠯᠡᠩ ᠨᠢ ᠡᠨᠡ ᠬᠤᠶᠠᠷ ᠡᠳᠦᠷ ᠶᠠᠭ ᠬᠤᠷᠢᠶᠠᠯᠲᠠ ᠶᠢᠨ ᠠᠵᠢᠯ ᠢᠶᠠᠨ ᠬᠢᠭᠡᠳ ᠶᠠᠭᠠᠷᠠᠵᠤ ᠪᠠᠶᠢᠯ᠎ᠠ᠃ ᠲᠤᠬᠠᠢ ᠶᠢᠨ ᠲᠠᠯᠠᠪᠠᠢ ᠳᠤ ᠮᠠᠰᠢᠨ ᠮᠧᠬᠠᠨᠢᠭ ᠤᠨ ᠲᠠᠭᠤᠨ ᠬᠦᠩᠬᠢᠨᠡᠵᠦ᠂  ᠬᠥᠯᠥᠰᠦᠨ ᠠᠵᠢᠯᠴᠢᠳ   ᠬᠤᠷᠢᠶᠠᠵᠤ ᠠᠪᠤᠭᠰᠠᠨ ᠲᠥᠮᠥᠰᠥ ᠶᠢ ᠢᠯᠭᠠᠬᠤ᠂  ᠤᠭᠤᠳᠠᠯᠠᠬᠤ᠂  ᠲᠡᠭᠡᠭᠡᠬᠦ ᠠᠵᠢᠯ ᠳᠤ ᠤᠨᠠᠭᠰᠠᠨ ᠮᠠᠯᠠᠭᠠᠢ ᠰᠢᠬᠦᠷᠬᠦ ᠵᠠᠪ ᠦᠬᠡᠢ ᠶᠠᠭᠠᠷᠤᠯᠳᠤᠨ᠂  ᠲᠦᠮᠦᠰᠦ ᠬᠤᠷᠢᠶᠠᠬᠤ ᠪᠦᠬᠦᠶᠢᠯᠡ ᠦᠢᠯᠡ ᠮᠠᠰᠢ ᠡᠮᠬᠢ ᠳᠢᠭᠯᠢᠮ ᠲᠠᠢ  ᠶᠠᠪᠤᠭᠳᠠᠨ᠎ᠠ᠃ ᠨᠥᠭᠦᠭᠡ ᠨᠢᠭᠡ ᠬᠡᠰᠡᠭ ᠲᠠᠷᠢᠶᠠᠨ ᠳᠤᠮᠳᠠ᠂ ᠮᠥᠷ ᠮᠥᠷ ᠴᠠᠭᠠᠨ ᠨᠣᠭᠤᠭ᠎ᠠ   ᠶᠢᠨ ᠤᠷᠭᠤᠴᠠ ᠬᠥᠮᠥᠨ ᠤ ᠰᠡᠳᠬᠢᠯ   ᠢ ᠪᠠᠶᠠᠰᠬᠠᠵᠤ᠂ ᠠᠵᠢᠯᠴᠢᠳ ᠰᠠᠶ᠋ᠢᠬᠠᠨ ᠲᠡᠭᠦᠭᠰᠡᠨ ᠰᠢᠨ᠎ᠡ ᠰᠣᠷᠭᠤᠭ ᠴᠠᠭᠠᠨ ᠨᠣᠭᠤᠭ᠎ᠠ ᠶᠢ ᠨᠢᠭᠡ ᠨᠢᠭᠡ ᠪᠠᠷ  ᠢᠯᠭᠠᠨ ᠤᠭᠤᠳᠠᠯᠠᠵᠤ᠂ ᠲᠡᠷᠭᠡᠨ ᠳᠤ ᠲᠡᠭᠡᠭᠡᠬᠦ ᠶᠢ ᠬᠦᠯᠢᠶᠡᠵᠦ ᠪᠠᠶᠢᠯ᠎ᠠ᠃     ᠵᠡᠷᠭᠡᠯᠡᠳᠡᠭᠡ ᠲᠣᠰᠬᠤᠨ  ᠤ ᠲᠠᠷᠢᠶᠠᠴᠢᠨ ᠡᠷᠦᠬᠡ ᠰᠢᠦᠢ ᠬᠠᠢ ᠯᠦᠩ 2021 ᠣᠨ ᠠᠴᠠ ᠡᠬᠢᠯᠡᠭᠡᠳ ᠭᠠᠵᠠᠷ ᠳᠠᠭᠠᠭᠠᠴᠢᠯᠠᠨ ᠨᠣᠭᠤᠭ᠎ᠠ ᠳᠠᠷᠢᠵᠤ᠂ ᠨᠢᠭᠡᠨᠲᠡ ᠭᠤᠷᠪᠠᠨ ᠵᠢᠯ ᠪᠣᠯᠵᠠᠢ ᠭᠡᠨ᠎ᠡ᠃ ᠲᠡᠷᠡᠪᠡᠷ ︽ᠡᠨᠡ ᠵᠢᠯ 3000 ᠭᠠᠷᠤᠢ ᠮᠦ ᠴᠡᠴᠡᠭᠳᠦ ᠴᠠᠭᠠᠨ ᠨᠣᠭᠤᠭ᠎ᠠ ᠳᠠᠷᠢᠵᠠᠢ᠂ ᠵᠠᠬ᠎ᠠ ᠳᠡᠯᠭᠡᠭᠦᠷ ᠤᠨ ᠬᠠᠩᠰᠢ ᠨᠢ ᠵᠢᠩ ᠳᠡᠭᠡᠨ ᠨᠢᠭᠡ ᠲᠦᠬᠦᠷᠢᠭ ᠭᠠᠷᠤᠢ᠂ ᠨᠢᠳᠤᠨᠤᠨ ᠤ ᠬᠢ ᠠᠴᠠ ᠪᠠᠰᠠ ᠬᠡᠳᠦᠨ ᠮᠥᠩᠭᠦ ᠦᠨ᠎ᠡ ᠲᠠᠢ᠂ ᠢᠳᠡᠰᠢᠨ ᠨᠣᠭᠤᠭ᠎ᠠ ᠶᠢ ᠬᠤᠷᠢᠶᠠᠭᠰᠠᠨ ᠤ ᠳᠠᠷᠠᠭ᠎ᠠ ᠬᠦᠢᠳᠡᠨ ᠬᠥᠮᠥᠷᠭᠡ ᠳᠤ ᠬᠠᠳᠠᠭᠠᠯᠠᠵᠤ᠂ ᠱᠠᠩᠬᠠᠢ᠂ ᠵᠧᠵᠢᠶᠠᠩ ᠵᠡᠷᠭᠡ ᠭᠠᠵᠠᠷ ᠲᠤ ᠶᠠᠪᠤᠭᠤᠯᠤᠨ᠎ᠠ᠂  ᠨᠢᠬᠡ ᠪᠦᠯᠦᠭ ᠢ ᠨᠢ ᠪᠠᠰᠠ ᠰᠢᠶᠠᠩᠭᠠᠩ ᠣᠣᠮᠧᠨ ᠲᠠᠶᠢᠸᠠᠨ ᠣᠷᠣᠨ ᠳᠤ  ᠭᠠᠷᠭᠠᠵᠤ ᠪᠤᠢ  ︾ ᠬᠡᠯ᠎ᠡ᠃ ᠴᠠᠭᠠᠳᠤᠬᠢ ᠲᠠᠷᠢᠶᠠᠨ ᠭᠠᠵᠠᠷ ᠲᠤ ᠬᠤᠷᠢᠭᠠᠳ ᠠᠵᠢᠯᠴᠢᠨ ᠨᠢᠭᠡ ᠮᠦᠷ ᠢᠶᠠᠷ ᠵᠢᠬᠰᠠᠭᠠᠳ ᠲᠠᠷᠢᠶ᠎ᠠ ᠠᠷᠴᠢᠬᠤ ᠠᠵᠢᠯ ᠳᠤ ᠶᠠᠭᠠᠷᠠᠯᠳᠤᠵᠤ ᠪᠠᠶᠢᠯ᠎ᠠ᠃  ︽ᠤᠳᠤ ᠶᠠᠭ ᠲᠠᠷᠢᠶ᠎ᠠ ᠪᠠᠨ ᠠᠷᠴᠢᠵᠤ ᠪᠠᠶᠢᠨ᠎ᠠ᠂  ᠮᠠᠨ   ᠤ ᠲᠠᠷᠢᠭᠰᠠᠨ ᠡᠨᠡ ᠨᠣᠭᠤᠭ᠎ᠠ ᠪᠣᠯ ᠣᠷᠣᠢ  ᠬᠤᠷᠢᠶᠠᠳᠠᠭ ᠨᠣᠭᠤᠭ᠎ᠠ᠂ 9 ᠰᠠᠷ᠎ᠠ ᠶᠢᠨ 27 ᠤ ᠡᠳᠦᠷ ᠤᠨ ᠦᠶ᠎ᠡ ᠪᠠᠷ ᠨᠣᠭᠤᠭ᠎ᠠ ᠪᠠᠨ ᠬᠤᠷᠢᠶᠠᠨ᠎ᠠ᠂  ᠮᠤ᠋ ᠪᠦᠷᠢ ᠠᠴᠠ ᠪᠠᠷᠤᠭ 2000 ᠭᠠᠷᠤᠢ ᠵᠢᠩ  ᠭᠠᠷᠴᠢᠬᠠᠨ᠎ᠠ︾ ᠭᠡᠵᠦ ᠰᠢᠦᠢ ᠬᠠᠢ ᠯᠦᠩ  ᠶᠠᠷᠢᠯ᠎ᠠ᠃     ᠳ᠋ᠠ ᠭᠧ ᠳ᠋ᠦᠩ ᠲᠣᠰᠬᠤᠨ ᠤ ᠲᠠᠷᠢᠶᠠᠴᠢᠳ ᠨᠤᠭᠤᠭ᠎ᠠ ᠲᠠᠷᠢᠬᠤ ᠳᠠᠭᠠᠨ ᠬᠠᠰᠢᠷ ᠪᠤᠯᠤᠭᠰᠠᠨ ᠨᠢ ᠢᠯᠡᠬᠡᠨ᠃ ᠠᠳᠡᠬᠢ ᠬᠦᠮᠦᠰ ᠬᠠᠳᠤᠵᠤ ᠬᠤᠷᠢᠶᠠᠬᠤ᠂ ᠨᠣᠭᠤᠭ᠎ᠠ ᠰᠣᠩᠭᠤᠬᠤ ᠳᠠᠭᠠᠨ ᠮᠠᠰᠢ ᠲᠠᠳᠮᠠᠭᠠᠢ ᠪᠠᠶᠢᠵᠤ᠂ ᠪᠣᠭᠤᠵᠤ ᠲᠠᠯᠪᠢᠭᠰᠠᠨ ᠪᠦᠸᠧᠼᠠᠶ ᠨᠣᠭᠤᠭ᠎ᠠ ᠪᠠᠨ ᠲᠡᠭᠰᠢ  ᠰᠠᠶᠢᠬᠠᠨ ᠵᠢᠬᠢᠷᠭᠡᠯᠡᠵᠦ ᠰᠠᠭᠰᠤᠯᠠᠨ᠎ᠠ᠂ ᠡᠲᠡᠭᠡᠷ ᠨᠣᠭᠤᠭ᠎ᠠ ᠶᠢ ᠲᠡᠷᠭᠡᠨ ᠳᠤ ᠲᠡᠭᠡᠭᠡᠭᠰᠡᠨ ᠤ ᠳᠠᠷᠠᠭ᠎ᠠ ᠪᠦᠬᠦ ᠤᠯᠤᠰ ᠤᠨ ᠡᠯ᠎ᠡ ᠭᠠᠵᠠᠷ ᠲᠤ ᠶᠠᠪᠤᠭᠤᠯᠬᠤ ᠪᠤᠯᠤᠨ᠎ᠠ᠃    ᠣᠶᠢᠯᠠᠭᠠᠭᠰᠠᠨ ᠢᠶᠠᠷ᠂ ᠲᠠᠶᠢᠹᠤᠰᠧ  ᠬᠤᠰᠢᠭᠤ ᠨᠢ ᠡᠨᠡ ᠵᠢᠯ ᠨᠡᠶᠢᠲᠡ 38.9 ᠲᠦᠮᠡᠨ ᠮᠦ ᠲᠥᠮᠥᠰᠥ᠂ 7.92 ᠲᠦᠮᠡᠨ ᠮᠦ ᠢᠳᠡᠰᠢᠨ ᠨᠣᠭᠤᠭ᠎ᠠ ᠲᠠᠷᠢᠵᠠᠢ᠃ ᠤᠳᠤ ᠲᠥᠮᠥᠰᠥ᠂ ᠢᠳᠡᠰᠢᠨ ᠨᠣᠭᠤᠭ᠎ᠠ᠂ ᠨᠣᠬᠠᠢ ᠶᠢᠨ ᠬᠤᠰᠢᠭᠤ ᠵᠡᠷᠭᠡ ᠶᠢ ᠪᠠᠭᠲᠠᠭᠠᠭᠰᠠᠨ ᠲᠠᠷᠢᠮᠠᠯ ᠤᠨ ᠵᠦᠢᠯ ᠨᠢ ᠶᠠᠭ ᠬᠤᠷᠢᠶᠠᠯᠳᠠ ᠶᠢᠨ ᠡᠷᠡᠨ ᠳᠡᠭᠡᠨ ᠪᠠᠶᠢᠭ᠎ᠠ᠃ ︽ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠠᠵᠤ ᠦᠢᠯᠡᠰ ᠢ ᠤᠷᠢᠳᠠᠪᠠᠷ ᠬᠦᠭᠵᠢᠬᠦᠯᠦᠨ᠎ᠡ︾᠃ ᠣᠶᠢᠷ᠎ᠠ ᠶᠢᠨ ᠵᠢᠯ ᠳᠤ᠂  ᠲᠠᠶᠢᠹᠤᠰᠧ ᠬᠤᠰᠢᠭᠤ ᠨᠢ ᠭᠠᠵᠠᠷ ᠤᠷᠤᠨ ᠠᠭᠤᠷ ᠠᠮᠢᠰᠬᠤᠯ ᠤᠨ ᠳᠠᠪᠠᠭᠤᠯᠢᠭ ᠨᠥᠬᠦᠴᠡᠯ ᠢᠶᠠᠨ ᠭᠦᠢᠴᠡᠳ ᠠᠰᠢᠭᠯᠠᠵᠤ᠂ ᠤᠨᠠᠯᠳᠠ ᠥᠨᠳᠥᠷ  ᠂ ᠠᠰᠢᠭ ᠶᠡᠭᠡ᠂ ᠴᠢᠨᠠᠷ ᠰᠠᠶᠢᠨ ᠠᠮᠤ ᠪᠤᠳᠠᠭ᠎ᠠ ᠢᠳᠡᠰᠢᠨ ᠨᠣᠭᠤᠭᠠᠨ ᠤ ᠠᠵᠤ ᠦᠢᠯᠡᠰ ᠢ ᠶᠡᠬᠡᠪᠡᠷ  ᠬᠦᠭᠵᠢᠬᠦᠯᠦᠨ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠢ ᠪᠠᠶᠢᠭᠤᠯᠬᠤ᠂ ᠬᠥᠷᠥᠰᠥ ᠰᠢᠷᠣᠢ ᠶᠢ ᠰᠠᠶᠢᠵᠢᠷᠠᠭᠤᠯᠬᠤ  ᠰᠢᠨᠵᠢᠯᠡᠬᠦ ᠤᠬᠠᠭᠠᠨᠴᠢ ᠬᠠᠮᠢᠶᠠᠷᠤᠯᠲᠠ ᠶᠢᠨ ᠮᠡᠷᠭᠡᠵᠢᠯ ᠢ ᠳᠡᠯᠭᠡᠷᠡᠭᠦᠯᠬᠦ ᠪᠠᠷ ᠲᠠᠮᠵᠢᠭᠠᠳ᠂ ᠵᠢᠱᠢᠶ᠎ᠡ ᠦᠵᠡᠭᠦᠯᠬᠦ ᠲᠠᠷᠢᠮᠠᠯ ᠤᠨ ᠰᠠᠭᠤᠷᠢᠨ ᠭᠠᠵᠠᠷ ᠢ ᠡᠬᠦᠳᠦᠨ ᠪᠠᠶᠢᠭᠤᠯᠵᠤ᠂ ᠪᠠᠷᠢᠮᠵᠢᠶᠠᠵᠢᠭᠰᠠᠨ᠂ ᠠᠵᠤ ᠦᠢᠯᠡᠰᠵᠢᠭᠰᠡᠨ ᠦᠢᠯᠡᠳᠪᠦᠷᠢᠯᠡᠯ ᠤᠨ ᠬᠢᠷᠢ ᠬᠡᠮᠵᠢᠶ᠎ᠡ ᠶᠢ ᠲᠠᠰᠤᠷᠠᠯᠳᠠ ᠦᠭᠡᠢ ᠳᠡᠭᠡᠭᠰᠢᠯᠡᠭᠦᠯᠦᠨ᠂ ᠠᠵᠤ ᠦᠢᠯᠡᠰ ᠤᠨ ᠬᠡᠯᠬᠢᠶ᠎ᠡ ᠶᠢ ᠤᠷᠲᠤᠳᠬᠠᠬᠤ   ᠶᠢᠨ ᠬᠠᠮᠳᠤ ᠠᠵᠤ ᠦᠢᠯᠡᠰ ᠤᠨ ᠲᠤᠭᠳᠠᠯᠴᠠᠭ᠎ᠠ ᠶᠢ ᠲᠡᠭᠦᠯᠳᠡᠷᠵᠢᠭᠦᠯᠵᠦ᠂ ᠠᠵᠤ ᠦᠢᠯᠡᠰ ᠢ ᠬᠦᠭᠵᠢᠬᠦᠯᠦᠨ ᠠᠷᠠᠳ ᠤᠯᠠᠨ ᠤ ᠣᠷᠣᠯᠭ᠎ᠠ ᠶᠢ ᠨᠡᠮᠡᠭᠳᠡᠬᠦᠯᠬᠦ ᠰᠢᠨ᠎ᠡ ᠵᠠᠮ ᠢᠶᠠᠷ ᠵᠠᠮᠨᠠᠵᠤ ᠪᠠᠶᠢᠨ᠎ᠠ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号