ᠢᠨᠢᠶᠡᠳᠦ ᠲᠤᠳᠤᠷᠠᠭᠰᠠᠨ ᠴᠢᠷᠠᠢ᠂ ᠢᠳᠡᠷᠡᠬᠦᠨ ᠱᠠᠯᠠᠮᠠᠭ ᠠᠯᠬᠤᠭ᠎ᠠ᠂᠂᠂᠂᠂᠂ ᠲᠠᠶᠢᠹᠤᠰᠧ ᠬᠤᠰᠢᠭᠤᠨ ᠤ | ᠨᠠᠰᠤᠳᠠᠶᠢᠴᠤᠳ ᠤᠨ ᠠᠰᠠᠷᠠᠮᠵᠢ ᠶᠢᠨ ᠬᠦᠷᠢᠶᠡᠯᠡᠩ ᠳᠤ ᠤᠷᠤᠬᠤᠶ᠎ᠠ᠂ ᠰᠡᠷᠢᠭᠦᠨ ᠰᠠᠷᠠᠪᠴᠢᠨ ᠤ ᠲᠤᠤᠷ᠎ᠠ ᠨᠢᠭᠡ | ᠪᠦᠯᠦᠭ ᠨᠠᠰᠤᠳᠠᠶᠢᠴᠤᠳ ᠤᠷᠠᠨ ᠭᠤᠴᠤ ᠶᠠᠩᠭᠠᠷ ᠪᠦᠵᠢᠭ ᠲᠤᠭᠯᠠᠵᠤ᠂ ᠨᠢᠬᠡ ᠪᠦᠯᠦᠭ ᠨᠢ ᠲᠤᠭᠤᠷᠢᠨ | ᠰᠠᠭᠤᠭᠠᠳ ᠲᠣᠭᠯᠠᠯᠲᠠ ᠶᠢ ᠰᠤᠨᠢᠷᠬᠠᠬᠤ ᠶᠢᠨ ᠲᠠᠭᠠᠤ ᠶᠠᠷᠢᠶ᠎ᠠ ᠵᠣᠭᠤᠭ ᠲᠡᠯᠭᠡᠨ ᠬᠦᠭᠡᠷᠦᠯᠳᠦᠵᠦ᠂ ᠬᠦᠷᠢᠶ᠎ᠡ | ᠲᠦᠬᠦᠷᠡᠩ ᠪᠠᠶᠠᠷ ᠵᠢᠷᠭᠠᠯ ᠪᠢᠯᠬᠠᠨ᠎ᠠ᠃ ︽ᠥᠷᠯᠥᠭᠡ ᠥᠨᠳᠡᠭᠡ ᠲᠠᠢ ᠰᠢᠩᠭᠡᠨ ᠬᠤᠭᠤᠯᠠ ᠢᠳᠡᠵᠡᠢ᠂ ᠦᠳᠡ | ᠤᠷᠤᠢ ᠨᠢ ᠪᠦᠷ ᠮᠢᠬ᠎ᠠ ᠲᠠᠢ ᠬᠤᠭᠤᠯᠠ ᠢᠳᠡᠳᠡᠭ᠂ ᠮᠠᠨ ᠤ ᠰᠠᠭᠤᠬᠤ ᠥᠷᠥᠭᠡ ᠮᠠᠰᠢ ᠴᠡᠪᠡᠷ᠂ 24 ᠴᠠᠭ ᠲᠤ | ᠪᠦᠷ ᠬᠠᠷᠠᠭᠠᠯᠵᠠᠬᠤ ᠬᠥᠮᠥᠨ ᠲᠠᠢ᠂ ᠵᠢᠭᠠᠬᠠᠨ ᠠᠶᠠᠭᠦᠢ ᠪᠣᠯᠪᠠᠯ ᠳᠠᠷᠤᠢ ᠲᠦᠷᠭᠡᠨ ᠡᠮᠨᠡᠭᠦᠯᠵᠦ ᠦᠭᠳᠡᠭ︾ ᠭᠡᠵᠦ | ᠠᠰᠠᠷᠠᠮᠵᠢ ᠶᠢᠨ ᠬᠦᠷᠢᠶᠡᠯᠡᠩ ᠳᠤ ᠰᠠᠭᠤᠭ᠎ᠠ ᠬᠠᠨ ᠷᠤ᠋ ᠨᠠᠰᠤᠳᠠᠨ ᠪᠠᠶᠠᠷ ᠲᠠᠢ ᠶᠠᠷᠢᠨ᠎ᠠ᠃ ᠰᠤᠷᠪᠤᠯᠵᠢᠯᠠᠭᠴᠢ | ᠠᠰᠠᠷᠠᠮᠵᠢ ᠶᠢᠨ ᠬᠦᠷᠢᠶᠡᠯᠡᠩ ᠳᠤ ᠬᠦᠷᠦᠭᠡᠳ ᠬᠠᠮᠤᠭ ᠠᠴᠠ ᠣᠯᠠᠨ ᠣᠯᠵᠤ ᠰᠤᠨᠤᠰᠤᠭᠰᠠᠨ ᠨᠢ ︽ᠤᠯᠤᠰ ᠤᠨ | ᠲᠥᠷᠥ ᠶᠢᠨ ᠪᠣᠳᠣᠯᠭ᠎ᠠ ᠪᠣᠯ ᠦᠨᠡᠬᠡᠷ ᠰᠠᠶᠢᠨ ︾ ᠭᠡᠰᠡᠨ ᠦᠭᠡ ᠪᠠᠶᠢᠯ᠎ᠠ᠃ ︽ᠮᠠᠨ ᠤ ᠠᠰᠠᠷᠠᠮᠵᠢ ᠶᠢᠨ | ᠬᠦᠷᠢᠶᠡᠯᠡᠩ ᠨᠢ 10000 ᠬᠠᠪᠳᠠᠭᠠᠢ ᠳᠥᠷᠪᠡᠯᠵᠢᠨ ᠮᠧᠲᠷ ᠭᠠᠵᠠᠷ ᠡᠵᠡᠯᠡᠵᠦ᠂ ᠨᠡᠶᠢᠲᠡ 144 ᠨᠠᠰᠤᠲᠠᠨ | ᠠᠳᠡ ᠠᠰᠠᠷᠠᠮᠵᠢ ᠬᠦᠷᠳᠡᠨ ᠰᠠᠭᠤᠵᠤ ᠪᠣᠶ᠃ ᠬᠦᠷᠢᠶᠡᠯᠡᠩ ᠳᠡᠭᠡᠨ ᠤᠩᠰᠢᠯᠭ᠎ᠠ ᠶᠢᠨ ᠲᠠᠰᠤᠭ᠂ ᠰᠢᠲᠠᠷ᠎ᠠ ᠶᠢᠨ | ᠲᠠᠰᠤᠭ᠂ ᠡᠷᠡᠭᠦᠯᠵᠢᠯ ᠤᠨ ᠲᠠᠰᠤᠭ᠂ ᠲᠠᠭᠤᠤ ᠰᠤᠨᠤᠰᠴᠤ ᠺᠢᠨᠤ᠋ ᠦᠵᠡᠬᠦ ᠲᠠᠰᠤᠭ ᠲᠠᠢ ᠪᠦᠭᠡᠳ ᠡᠬᠡᠯᠵᠢᠯᠡᠨ | ᠵᠢᠵᠢᠬᠦᠷᠯᠡᠬᠦ ᠡᠮᠴᠢ ᠰᠤᠪᠢᠯᠠᠭᠴᠢ ᠦᠢᠯᠡᠴᠢᠯᠡᠭᠴᠢ ᠲᠠᠢ᠃ ᠨᠠᠰᠤᠲᠠᠶᠢᠴᠤᠳ ᠤᠨ ᠣᠶᠣᠨ ᠰᠠᠨᠠᠭ᠎ᠠ ᠰᠣᠶᠣᠯ ᠤᠨ | ᠠᠮᠢᠳᠤᠷᠠᠯ ᠢ ᠪᠠᠶᠠᠯᠢᠭᠵᠢᠭᠤᠯᠬᠤ ᠶᠢᠨ ᠲᠥᠯᠥᠭᠡ᠂ ᠡᠳᠦᠷ ᠪᠦᠷᠢ ᠰᠢ ᠳᠠᠭᠤᠯᠠᠬᠤ᠂ ᠶᠠᠩᠭᠠᠷ ᠪᠥᠵᠢᠭᠯᠡᠬᠦ᠂ ᠬᠥᠵᠥᠷ | ᠰᠢᠲᠠᠷ᠎ᠠ ᠲᠣᠭᠯᠠᠬᠤ ᠵᠡᠷᠭᠡ ᠬᠦᠳᠡᠯᠪᠦᠷᠢ ᠠᠵᠢᠯᠯᠠᠭ᠎ᠠ ᠦᠷᠨᠢᠬᠦᠯᠳᠡᠭ︾ ᠭᠡᠵᠦ ᠬᠦᠷᠢᠶᠡᠯᠡᠩ ᠤᠨ ᠳᠠᠷᠤᠭ᠎ᠠ ᠳ᠋ᠦᠩ | ᠶᠦᠨ ᠱᠧᠩ ᠲᠠᠨᠢᠯᠴᠠᠭᠤᠯᠪᠠ᠃ ᠣᠶᠢᠷ᠎ᠠ ᠶᠢᠨ ᠵᠢᠯ ᠤᠳ ᠲᠤ᠂ ᠲᠠᠶᠢᠹᠤᠰᠧ ᠬᠤᠰᠢᠭᠤᠨ ᠤ ᠬᠢᠨ ᠡᠶᠢᠨ ᠬᠦ᠋ | ᠨᠠᠰᠤᠳᠠᠶᠢᠴᠤᠳ ᠤᠨ ᠠᠰᠠᠷᠠᠮᠵᠢ ᠶᠢᠨ ᠬᠦᠷᠢᠶᠡᠯᠡᠩ ᠤᠨ ᠲᠤᠨᠤᠭ ᠲᠥᠬᠦᠭᠡᠷᠦᠮᠵᠢ ᠶᠢ ᠠᠯᠬᠤᠮ ᠠᠯᠬᠤᠮ ᠢᠶᠠᠷ ᠢᠵᠢ | ᠪᠦᠷᠢᠳᠦᠬᠦᠯᠦᠨ ᠲᠡᠭᠦᠯᠳᠡᠷᠵᠢᠭᠦᠯᠵᠦ᠂ ᠶᠡᠷᠦᠩᠬᠡᠶᠢᠯᠡᠭᠰᠡᠨ ᠦᠢᠯᠡᠴᠢᠯᠡᠭᠡᠨ ᠤ ᠬᠢᠷᠢ ᠲᠦᠪᠰᠢᠨ ᠢ ᠲᠠᠰᠤᠷᠠᠯᠲᠠ ᠦᠭᠡᠢ | ᠲᠡᠭᠡᠭᠰᠢᠯᠡᠬᠦᠯᠦᠭᠰᠡᠨ ᠤ ᠬᠠᠮᠲᠤ᠂ ᠬᠠᠮᠢᠶᠠᠷᠤᠯᠲᠠ ᠶᠢᠨ ᠵᠠᠭᠪᠤᠷ ᠢᠶᠠᠨ ᠰᠢᠨᠡᠴᠢᠯᠡᠵᠦ᠂ ᠦᠢᠯᠡᠴᠢᠯᠡᠭᠡᠨ ᠤ ᠶᠠᠰᠤ | ᠴᠢᠨᠠᠷ ᠢᠶᠠᠨ ᠳᠡᠭᠡᠭᠰᠢᠯᠡᠭᠦᠯᠦᠨ᠂ ᠨᠠᠰᠤᠲᠠᠶᠢᠴᠤᠳ ᠢ ᠡᠨᠡᠬᠦ ᠬᠠᠯᠠᠭᠤᠨ ᠳᠤᠯᠠᠭᠠᠨ ᠭᠡᠷ ᠪᠦᠯᠢ ᠳᠤ ᠡᠷᠡᠭᠦᠯ | ᠲᠡᠩᠬᠡᠯᠡᠬᠦᠨ ᠪᠠᠶᠠᠷ ᠬᠥᠷ ᠲᠠᠢ ᠠᠮᠢᠳᠤᠷᠠᠭᠤᠯᠵᠤ᠂ ᠨᠠᠰᠤᠲᠠᠶᠢᠴᠤᠳ ᠤᠨ ᠵᠤᠯ ᠵᠢᠷᠭᠠᠯ ᠤᠨ ᠵᠢᠭᠠᠯᠳᠠ ᠲᠤᠭ᠎ᠠ ᠶᠢ | ᠲᠠᠰᠤᠷᠠᠯᠳᠠ ᠦᠬᠡᠢ ᠲᠡᠭᠡᠭᠰᠢᠯᠡᠬᠦᠯᠵᠦ ᠢᠷᠡᠵᠡᠢ᠃ |