︽ᠰᠢᠨ᠎ᠡ ᠰᠤᠷᠭᠤᠭ ᠲᠥᠪᠡᠳ ᠬᠠᠰᠢ ᠡ᠂ ᠬᠢᠮᠳᠠᠷᠠᠯ ᠲᠠᠢ ᠵᠠᠷᠤᠨ᠎ᠠ︾ ︽ ᠬᠠᠮᠤᠭ ᠠᠴᠠ ᠠᠮᠳᠠᠳᠠᠢ ᠬᠡᠮᠬᠡ | ᠰᠢᠦ᠂ ᠠᠮᠰᠠᠵᠤ ᠦᠵᠡᠭᠡᠳ ᠰᠠᠶᠢᠬᠠᠨ ᠪᠤᠯ ᠠᠪᠤᠭᠠᠷᠠᠢ ︾ ︽ᠲᠣᠭᠤᠭ᠎ᠠ ᠰᠢᠨᠠᠭ᠎ᠠ ᠰᠠᠪᠠ ᠰᠠᠭᠤᠯᠭ᠎ᠠ ᠂ ᠲᠠᠨ ᠤ | ᠭᠡᠷᠡᠭᠰᠡᠬᠦ ᠶᠠᠭᠤᠮ᠎ᠠ ᠮᠢᠨᠦ ᠠᠳᠡ ᠪᠦᠷ ᠪᠠᠶᠢᠨ᠎ᠠ︾ ︽ᠴᠠᠭ ᠤᠨ ᠬᠤᠪᠴᠠᠰᠤ ᠶᠢ ᠴᠠᠭ ᠲᠤᠨᠢ ᠡᠮᠦᠰᠦᠨ᠎ᠡ ᠰᠢᠦ᠂ | ᠵᠠᠬᠪᠤᠷ ᠨᠢ ᠭᠤᠶᠤ᠂ ᠴᠢᠨᠠᠷ ᠨᠢ ᠰᠠᠶᠢᠨ᠂ ᠦᠨ᠎ᠡ ᠨᠢ ᠬᠢᠮᠳᠠ︾᠂᠂᠂᠂ ᠂᠂ ᠯᠦᠸᠧ ᠲᠦᠸᠧ ᠱᠠᠨ | ᠪᠠᠯᠭᠠᠰᠤᠨ ᠤ ᠦᠷᠯᠦᠭᠡ ᠶᠢᠨ ᠵᠠᠬ᠎ᠠ ᠳᠤ ᠬᠦᠷᠬᠦᠶ᠎ᠡ ᠂ ᠵᠢᠮᠢᠰ ᠨᠣᠭᠤᠭ᠎ᠠ᠂ ᠨᠤᠭᠤᠰᠤ ᠲᠠᠬᠢᠶ᠎ᠠ᠂ ᠬᠤᠪᠴᠠᠰᠤ | ᠬᠤᠨᠠᠷ᠂ ᠭᠤᠳᠤᠯ ᠱᠠᠬᠠᠢ ᠂ ᠲᠤᠭᠤᠭ᠎ᠠ ᠰᠢᠨᠠᠭ᠎ᠠ᠂᠂᠂᠂᠂᠂ ᠡᠯ᠎ᠡ ᠲᠥᠷᠥᠯ ᠤᠨ ᠪᠠᠷᠠᠭ᠎ᠠ ᠲᠠᠸᠠᠷ ᠬᠠᠷᠠᠭ᠎ᠠ | ᠲᠦᠬᠦᠷᠭᠡᠵᠦ᠂ ᠪᠠᠷᠠᠭ᠎ᠠ ᠲᠠᠨᠢᠯᠴᠠᠭᠤᠯᠬᠤ ᠳᠠᠭᠤᠨ ᠪᠠ ᠦᠨ᠎ᠡ ᠬᠠᠶᠠᠯᠴᠠᠬᠤ ᠳᠠᠭᠤᠨ ᠦᠷᠬᠦᠯᠵᠢᠯᠡᠭᠡᠳ | ᠠᠷᠠᠯᠵᠢᠶᠠᠨ ᠤ ᠵᠠᠬ᠎ᠠ ᠬᠥᠭᠵᠢᠶᠡᠨ ᠢᠶᠠᠷ ᠪᠢᠯᠬᠠᠨ᠎ᠠ᠃ ᠪᠠᠷᠠᠭ᠎ᠠ ᠬᠤᠳᠠᠯᠳᠤᠭᠴᠢᠳ ᠲᠤ ᠲᠤᠬᠠᠢ ᠶᠢᠨ ᠭᠠᠵᠠᠷ ᠪᠤᠶᠤ | ᠬᠦᠷᠰᠢ ᠵᠡᠷᠭᠡᠯᠡᠳᠡᠭᠡ ᠠᠶᠢᠯ ᠲᠣᠰᠬᠤᠨ ᠤ ᠲᠠᠷᠢᠶᠠᠴᠢᠨ᠂ ᠴᠢᠭᠤᠯᠤᠯᠲᠤ ᠬᠠᠭᠠᠯᠭ᠎ᠠ ᠵᠡᠷᠭᠡ ᠭᠠᠳᠠᠨ᠎ᠠ ᠤᠷᠤᠨ ᠤ | ᠬᠤᠳᠠᠯᠳᠤᠭᠠᠴᠢᠨ ᠪᠠᠶᠢᠬᠤ ᠳᠤ᠂ ᠬᠤᠳᠠᠯᠳᠤᠨ ᠠᠪᠤᠭᠴᠢᠳ ᠲᠤ ᠤᠶᠢᠷ᠎ᠠ ᠬᠠᠪᠢ ᠶᠢᠨ ᠠᠶᠢᠯ ᠲᠤᠰᠬᠤᠨ ᠤ | ᠬᠦᠮᠦᠰ ᠠᠴᠠ ᠭᠠᠳᠠᠨ᠎ᠠ ᠪᠠᠰᠠ ᠬᠤᠯᠠ ᠬᠡᠵᠦ ᠪᠤᠳᠤᠯ ᠦᠬᠡᠢ ᠬᠤᠰᠢᠭᠤ ᠲᠤᠭᠤᠷᠢᠭ ᠠᠴᠠ ᠵᠤᠷᠢᠵᠤ ᠢᠷᠡᠭᠰᠡᠨ | ᠬᠥᠮᠥᠰ ᠴᠤ ᠪᠠᠶᠢᠯ᠎ᠠ᠃ | ᠯᠥᠸᠧ ᠲᠦᠸᠧ ᠱᠠᠨ ᠪᠠᠯᠭᠠᠰᠤᠨ ᠤ ᠨᠠᠮ ᠤᠨ ᠬᠤᠷᠢᠶᠠᠨ ᠤ ᠳᠡᠳ᠋ ᠱᠦᠵᠢ ᠦ᠋ ᠲᠤᠤ᠄ ︽ ᠨᠢᠳᠤᠨᠤᠨ ᠵᠠᠮ | ᠵᠠᠰᠠᠭᠰᠠᠨ ᠠᠴᠠ ᠬᠤᠶᠢᠰᠢ ᠢᠷᠡᠬᠦ ᠬᠥᠮᠥᠨ ᠨᠡᠩ ᠤᠯᠠᠰᠢᠷᠠᠵᠠᠢ᠂ ᠠᠩᠬᠠᠨ ᠳᠠᠭᠠᠨ ᠵᠠᠬ᠎ᠠ ᠳᠡᠯᠭᠡᠭᠦᠷ ᠪᠠᠶᠢᠭ᠎ᠠ ᠦᠭᠡᠢ | ᠪᠣᠯᠬᠤᠷ᠂ ᠪᠠᠷᠠᠭ᠎ᠠ ᠲᠠᠸᠠᠷ ᠢᠶᠠᠨ ᠵᠠᠮ ᠤᠨ ᠬᠤᠶᠠᠷ ᠲᠠᠯ᠎ᠠ ᠳᠤ ᠲᠡᠯᠭᠡᠭᠡᠳ ᠵᠠᠮ ᠬᠠᠷᠢᠯᠴᠠᠭ᠎ᠠ ᠪᠤᠶᠤ | ᠬᠠᠮᠢᠶᠠᠷᠤᠯᠲᠠ ᠶᠢᠨ ᠠᠵᠢᠯ ᠳᠤ ᠮᠠᠰᠢ ᠳᠥᠭᠦᠮ ᠦᠭᠡᠢ ᠪᠠᠶᠢᠪᠠ᠃ 2021 ᠣᠨ ᠳᠤ ᠪᠢᠳᠡ ᠠᠷᠠᠳ ᠤᠨ | ᠠᠮᠢᠳᠤᠷᠠᠯ ᠤᠨ ᠪᠣᠳᠠᠲᠤ ᠶᠠᠪᠤᠳᠠᠯ ᠤᠨ ᠲᠦᠷᠦᠯ ᠵᠦᠢᠯ ᠢ ᠬᠡᠷᠡᠭᠵᠢᠭᠦᠯᠬᠦ ᠪᠠᠷ ᠲᠠᠮᠵᠢᠭᠠᠳ᠂ ᠵᠠᠮ ᠢ ᠦᠷᠭᠡᠳᠭᠡᠵᠦ | ᠭᠠᠵᠠᠷ ᠢ ᠬᠠᠳᠠᠭᠤᠷᠠᠭᠤᠯᠤᠭᠰᠠᠨ ᠪᠦᠭᠡᠳ ᠦᠨ᠎ᠡ ᠲᠥᠯᠥᠪᠦᠷᠢ ᠦᠭᠡᠢ ᠪᠠᠷ ᠣᠷᠣᠨ ᠪᠠᠶᠢᠷᠢ ᠬᠠᠩᠭᠠᠵᠤ᠂ | ᠨᠢᠭᠡᠳᠦᠯᠲᠡᠢ ᠬᠠᠮᠢᠶᠠᠷᠴᠤ ᠲᠦᠷᠢᠮᠵᠢᠯ ᠲᠠᠢ ᠡᠵᠡᠩᠨᠡᠨ᠂ ᠣᠷᠴᠢᠨ ᠲᠣᠭᠤᠷᠢᠨ ᠤ ᠠᠷᠢᠭᠤᠨ ᠴᠡᠪᠡᠷ ᠢ | ᠴᠢᠩᠭᠠᠳᠬᠠᠵᠤ᠂ ᠠᠷᠠᠳ ᠤᠯᠠᠨ ᠳᠤ ᠶᠡᠬᠡᠬᠡᠨ ᠲᠦᠬᠦᠮ ᠦᠵᠡᠬᠦᠯᠦᠭᠰᠡᠨ ᠶᠤᠮ︾᠃ | ᠯᠥᠸᠧ ᠲᠦᠸᠧ ᠱᠠᠨ ᠪᠠᠯᠭᠠᠰᠤᠨ ᠤ ᠠᠷᠠᠯᠵᠢᠶᠠᠨ ᠤ ᠵᠠᠬ᠎ᠠ ᠨᠢ ᠡᠨᠡ ᠮᠡᠳᠦ ᠪᠠᠷ ᠵᠢᠯ ᠤᠨ ᠳᠥᠷᠪᠡᠨ | ᠤᠯᠠᠷᠢᠯ ᠳᠤ ᠬᠦᠮᠦᠨ ᠲᠠᠰᠤᠷᠠᠳᠠᠭ ᠦᠭᠡᠢ᠃ ᠡᠨᠡ ᠨᠢ ᠬᠥᠳᠡᠭᠡ ᠲᠣᠰᠬᠤᠨ ᠤ ᠬᠡᠷᠡᠭᠯᠡᠭᠡᠨ ᠤ ᠵᠠᠬ᠎ᠠ ᠳᠡᠯᠭᠡᠭᠦᠷ ᠢ | ᠳᠠᠶᠢᠴᠢᠯᠠᠵᠤ᠂ ᠠᠵᠤ ᠠᠬᠤᠢ ᠶᠢ ᠬᠦᠭᠵᠢᠶᠡᠨ ᠲᠠᠢ ᠪᠣᠯᠭᠠᠭᠰᠠᠨ ᠮᠥᠷᠲᠡᠭᠡᠨ ᠠᠷᠠᠳ ᠢᠷᠭᠡᠳ ᠲᠤ ᠶᠡᠭᠡ ᠬᠡᠮᠵᠢᠶᠡᠨ | ᠤ ᠠᠰᠢᠭ ᠬᠦᠷᠳᠡᠭᠡᠵᠦ ᠳᠦᠭᠦᠮ ᠦᠵᠡᠭᠦᠯᠦᠭᠰᠡᠨ ᠪᠠᠶᠢᠨ᠎ᠠ᠃ | ︽ᠥᠷᠯᠥᠭᠡ ᠲᠠᠪᠤᠨ ᠴᠠᠭ ᠤᠨ ᠦᠶ᠎ᠡ ᠪᠠᠷ ᠢᠷᠡᠵᠦ᠂ ᠦᠳᠡ ᠶᠢᠨ ᠨᠢᠭᠡ ᠴᠠᠭ ᠪᠣᠯᠲᠠᠯ᠎ᠠ ᠰᠠᠭᠤᠳᠠᠭ᠂ | ᠦᠨᠦᠳᠦᠷ ᠨᠢᠭᠡ ᠲᠡᠷᠭᠡ ᠭᠤᠸ᠎ᠠ ᠲᠡᠭᠡᠭᠡᠵᠦ ᠢᠷᠡᠭᠰᠡᠨ ᠶᠤᠮ᠂ ᠪᠤᠷᠤᠯᠠᠭᠤᠯᠭ᠎ᠠ ᠶᠡᠭᠡ ᠰᠠᠶᠢᠨ ᠪᠠᠶᠢᠭ᠎ᠠ᠂ ᠪᠤᠰᠤᠳ | ᠰᠢᠶᠠᠩ ᠪᠠᠯᠭᠠᠰᠤ ᠪᠠᠷ ᠴᠤ ᠲᠣᠭᠤᠷᠢᠵᠤ ᠶᠠᠪᠤᠳᠠᠭ︾ ᠬᠡᠵᠦ ᠭᠤᠸ᠎ᠠ ᠬᠤᠳᠠᠯᠳᠤᠭᠴᠢ ᠵᠠᠯᠠᠭᠤ ᠬᠡᠯᠡᠬᠦ ᠳᠤ᠂ | ᠲᠦᠪᠡᠳ ᠬᠠᠰᠢ ᠬᠤᠳᠠᠯᠳᠤᠵᠤ ᠰᠠᠭᠤᠭ᠎ᠠ ᠨᠢᠬᠡ ᠨᠠᠰᠤᠳᠠᠨ ︽ᠠᠳᠡ ᠢᠷᠡᠬᠦ ᠬᠥᠮᠥᠨ ᠮᠠᠰᠢ ᠤᠯᠠᠨ ᠰᠢᠦ᠂ ᠮᠢᠨᠦ | ᠲᠥᠪᠡᠳ ᠬᠠᠰᠢ ᠶᠢᠨ ᠪᠤᠷᠤᠯᠠᠭᠤᠯᠭ᠎ᠠ ᠴᠤ ᠲᠤᠩ ᠰᠠᠶᠢᠨ᠂ ᠡᠳᠦᠷ ᠲᠤ ᠪᠠᠷᠤᠭ 200 ᠭᠠᠷᠤᠢ ᠲᠥᠭᠦᠷᠢᠭ ᠤᠨ | ᠤᠷᠤᠯᠭ᠎ᠠ ᠲᠠᠢ︾ ᠭᠡᠵᠦ ᠦᠬᠡᠨ ᠤ ᠦᠵᠦᠬᠦᠷ ᠢ ᠡᠯᠬᠦᠵᠦ ᠶᠠᠷᠢᠯ᠎ᠠ᠃ | ᠴᠤᠭᠯᠠᠭ᠎ᠠ ᠮᠠᠶᠢᠮᠠᠢ ᠶᠢᠨ ᠵᠠᠬ᠎ᠠ ᠪᠣᠯ ᠳᠠᠷᠤᠢ ᠬᠥᠳᠡᠭᠡ ᠲᠣᠰᠬᠤᠨ ᠤ ᠠᠷᠠᠳ ᠢᠷᠭᠡᠳ ᠤᠨ ︽CBD︾ | ᠶᠤᠮ᠃ ᠲᠣᠰᠬᠤᠨ ᠤ ᠠᠷᠠᠳ ᠬᠤᠲᠠ ᠳᠤ ᠣᠷᠣᠬᠤ ᠦᠭᠡᠢ ᠪᠠᠷ ᠡᠯ᠎ᠡ ᠵᠦᠢᠯ ᠤᠨ ᠴᠢᠨᠠᠷ ᠨᠢ ᠰᠠᠶᠢᠨ ᠦᠨ᠎ᠡ ᠨᠢ | ᠬᠢᠮᠳᠠ ᠪᠠᠷᠠᠭ᠎ᠠ ᠲᠠᠸᠠᠷ ᠢ ᠬᠤᠳᠠᠯᠳᠤᠨ ᠠᠪᠴᠤ ᠲᠡᠶᠢᠯᠦᠨ᠎ᠡ᠂ ᠡᠭᠦᠨ ᠠᠴᠠ ᠪᠣᠯᠵᠤ ᠬᠤᠳᠠᠯᠳᠤᠭᠠᠴᠢᠳ ᠤᠨ ᠡᠪᠦᠷ | ᠴᠤ ᠲᠦᠩᠳᠦᠶᠢᠬᠦ ᠨᠢ ᠲᠠᠮᠵᠢᠭ ᠦᠬᠡᠢ᠃ ᠲᠠᠶᠢᠹᠤᠰᠧ ᠬᠤᠰᠢᠭᠤᠨ ᠤ ᠬᠦᠳᠡᠭᠡ ᠲᠤᠰᠬᠤᠨ ᠤ ᠠᠷᠠᠯᠵᠢᠶᠠᠨ ᠤ | ᠵᠠᠬ᠎ᠠ ᠨᠢ ᠡᠭᠦᠨ ᠠᠴᠠ ᠪᠣᠯᠵᠤ ᠬᠥᠭᠵᠢᠶᠡᠨ ᠲᠠᠢ ᠪᠣᠯᠵᠤ᠂ ᠲᠤᠬᠠᠢ ᠶᠢᠨ ᠭᠠᠵᠠᠷ ᠤᠨ ᠬᠥᠳᠡᠭᠡ ᠲᠣᠰᠬᠤᠨ ᠤ | ᠬᠡᠷᠡᠭᠯᠡᠭᠡ ᠴᠦ ᠡᠭᠦᠨ ᠠᠴᠠ ᠪᠣᠯᠵᠤ ᠬᠥᠭᠵᠢᠶᠡᠨ ᠲᠠᠢ ᠪᠤᠯᠤᠭᠠᠳ᠂ ᠪᠠᠰᠤᠵᠤ ᠪᠣᠯᠣᠰᠢ ᠦᠭᠡᠢ ᠣᠨᠴᠠᠯᠢᠭᠲᠤ ᠠᠵᠤ | ᠠᠬᠤᠢ ᠨᠢ ᠡᠶᠢᠨ ᠬᠦ᠋ ᠲᠤᠬᠠᠢ ᠶᠢᠨ ᠭᠠᠵᠠᠷ ᠤᠨ ᠮᠠᠯᠴᠢᠨ ᠲᠠᠷᠢᠶᠠᠴᠢᠨ ᠤ ᠠᠮᠢᠳᠤᠷᠠᠯ ᠤᠨ ᠲᠦᠪᠰᠢᠨ ᠢ | ᠲᠡᠭᠡᠭᠰᠢᠯᠡᠬᠦᠯᠬᠦ᠂ ᠬᠥᠳᠡᠭᠡ ᠲᠣᠰᠬᠤᠨ ᠤ ᠠᠵᠤ ᠦᠢᠯᠡᠰ ᠤᠨ ᠬᠥᠭᠵᠢᠯᠲᠡ ᠶᠢ ᠠᠬᠢᠭᠤᠯᠬᠤ ᠴᠢᠬᠤᠯᠠ ᠠᠴᠢᠶᠠᠯᠠᠪᠤᠷᠢ | ᠪᠤᠯᠤᠭᠰᠠᠨ ᠪᠢᠯᠡ᠃ |