ᠯᠧᠢ ᠹᠧᠩ ᠤᠨ ᠵᠣᠷᠢᠭ ᠰᠠᠨᠠᠭ᠎ᠠ ᠶᠢ ᠵᠠᠯᠭᠠᠮᠵᠢᠯᠠᠵᠤ ᠴᠠᠭ ᠦᠶ᠎ᠡ ᠶᠢᠨ ᠰᠢᠨ᠎ᠡ ᠬᠥᠮᠥᠨ ᠪᠣᠯᠬᠤ ᠪᠠᠷ ᠴᠢᠷᠮᠠᠶᠢᠨ᠎ᠠ
ᠨᠡᠶᠢᠲᠡᠯᠡᠭᠰᠡᠨ ᠴᠠᠭ᠄
2023/3/7
   ᠯᠧᠢ ᠹᠧᠩ   ᠠᠴᠠ ᠰᠤᠷᠤᠯᠴᠠᠬᠤ ᠳᠤᠷᠠᠰᠬᠠᠯ ᠤᠨ ᠡᠳᠦᠷ ᠬᠦᠷᠴᠦ ᠢᠷᠡᠬᠦ ᠲᠠᠰᠢᠷᠠᠮ ᠳᠤ᠂ ᠲᠠᠶᠢᠹᠤᠰᠧ ᠬᠤᠰᠢᠭᠤᠨ ᠤ ᠳᠤᠮᠳᠠᠳᠤ ᠪᠠᠭ᠎ᠠ ᠰᠤᠷᠭᠠᠭᠤᠯᠢ ᠨᠤᠭᠤᠳ ᠨᠢ ︽ᠯᠧᠢ ᠹᠧᠩ ᠤᠨ ᠵᠣᠷᠢᠭ ᠰᠠᠨᠠᠭ᠎ᠠ   ᠶᠢ ᠤᠯᠠᠮᠵᠢᠯᠠᠨ ᠵᠠᠯᠭᠠᠮᠵᠢᠯᠠᠵᠤ ᠴᠠᠭ ᠦᠶ᠎ᠡ   ᠶᠢᠨ ᠰᠢᠨ᠎ᠡ ᠬᠥᠮᠥᠨ ᠪᠣᠯᠬᠤ ᠪᠠᠷ ᠴᠢᠷᠮᠠᠶᠢᠬᠤ︾ ︽ᠯᠧᠢ ᠹᠧᠩ ᠤᠨ ᠵᠣᠷᠢᠭ ᠰᠠᠨᠠᠭ᠎ᠠ   ᠶᠢ ᠪᠠᠳᠠᠷᠠᠭᠤᠯᠵᠤ ᠴᠠᠭ ᠦᠶ᠎ᠡ   ᠶᠢᠨ ᠰᠢᠨ᠎ᠡ ᠬᠥᠮᠥᠨ   ᠢ ᠬᠥᠮᠥᠵᠢᠭᠦᠯᠬᠦ︾ ᠭᠤᠣᠯ ᠰᠡᠳᠦᠪᠲᠦ ᠠᠵᠢᠯᠯᠠᠭ᠎ᠠ   ᠶᠢ ᠣᠯᠠᠨ ᠬᠡᠯᠪᠡᠷᠢ ᠪᠠᠷ  ᠦᠷᠨᠢᠬᠦᠯᠦᠭᠰᠡᠨ ᠪᠠᠶᠢᠨ᠎ᠠ᠃ ᠬᠤᠶᠠᠳᠤᠭᠠᠷ ᠪᠠᠭ᠎ᠠ ᠰᠤᠷᠭᠠᠭᠤᠯᠢ ᠨᠢ ᠬᠤᠰᠢᠭᠤᠴᠢ ᠠᠩᠭᠢ   ᠶᠢᠨ ᠭᠡᠰᠢᠭᠦᠳ ᠯᠧᠢ ᠹᠧᠩ ᠤᠨ ᠦᠯᠢᠭᠡᠷ   ᠢ ᠶᠠᠷᠢᠬᠤ᠂ ᠯᠧᠢ ᠹᠧᠩ ᠤᠨ ᠡᠳᠦᠷ ᠤᠨ ᠲᠡᠮᠳᠡᠭᠯᠡᠯ   ᠢ ᠤᠩᠰᠢᠬᠤ᠂ ᠯᠧᠢ ᠹᠧᠩ ᠤᠨ  ᠶᠠᠷᠢᠭᠰᠠᠨ ᠦᠭᠡ   ᠶᠢ ᠴᠤᠭᠯᠠᠭᠤᠯᠬᠤ᠂ ᠳᠡᠷᠭᠡᠳᠡᠬᠢ ᠠᠮᠢᠳᠤ ᠯᠧᠢ ᠹᠧᠩ   ᠢ ᠢᠯᠡᠷᠡᠭᠦᠯᠬᠦ ᠵᠡᠷᠭᠡ ᠪᠠᠷ ᠠᠭᠤᠯᠭ᠎ᠠ ᠪᠣᠯᠭᠠᠵᠤ᠂ ᠥᠪᠡᠷ ᠤᠨ ᠪᠣᠳᠠᠲᠤ ᠠᠵᠢᠯᠯᠠᠭ᠎ᠠ ᠪᠠᠷ ᠢᠶᠠᠨ ᠰᠢᠨ᠎ᠡ ᠴᠠᠭ ᠦᠶ᠎ᠡ   ᠶᠢᠨ ᠯᠧᠢ ᠹᠧᠩ ᠤᠨ ᠵᠣᠷᠢᠭ ᠰᠠᠨᠠᠭ᠎ᠠ   ᠶᠢ ᠦᠢᠯᠡᠳᠦᠯᠭᠡᠵᠢᠭᠦᠯᠵᠡᠢ᠃    ᠶᠡᠭᠡ ᠠᠩᠭᠢ   ᠶᠢᠨ ᠬᠠᠪᠰᠤᠷᠤᠨ ᠵᠢᠯᠣᠭᠤᠳᠤᠭᠴᠢ ᠶᠤᠸᠠᠨ ᠵᠦᠸᠧ ᠴᠢ᠄  ︽ᠯᠧᠢ ᠹᠧᠩ ᠤᠨ ᠦᠢᠯᠡ ᠠᠵᠢᠯᠯᠠᠭ᠎ᠠ ᠨᠢ ᠡᠭᠡᠯ ᠵᠢᠷ ᠤᠨ ᠪᠤᠯᠪᠠᠴᠤ ᠲᠡᠭᠦᠨ ᠤ ᠵᠣᠷᠢᠭ ᠰᠠᠨᠠᠭ᠎ᠠ ᠨᠢ ᠠᠭᠤᠤ ᠶᠡᠭᠡ ᠶᠤᠮ᠂ ᠥᠨᠥᠳᠥᠷ ᠤᠨ ᠯᠧᠢ ᠹᠧᠩ   ᠠᠴᠠ ᠰᠤᠷᠤᠯᠴᠠᠬᠤ ᠠᠵᠢᠯᠯᠠᠭ᠎ᠠ ᠨᠢ ᠪᠦᠬᠦ ᠰᠤᠷᠭᠠᠭᠤᠯᠢ   ᠶᠢᠨ ᠪᠠᠭᠠᠴᠤᠳ ᠤᠨ ᠬᠤᠰᠢᠭᠤᠴᠢ ᠠᠩᠭᠢ   ᠶᠢᠨ ᠭᠡᠰᠢᠭᠦᠳ ᠲᠤ ᠯᠧᠢ ᠹᠧᠩ ᠤᠨ ᠵᠣᠷᠢᠭ ᠰᠠᠨᠠᠭ᠎ᠠ   ᠶᠢ ᠪᠠᠳᠠᠷᠠᠭᠤᠯᠤᠨ᠂  ᠲᠠᠪᠰᠢᠩᠭᠤᠢ ᠰᠢᠯᠢᠳᠡᠭ ᠪᠠᠭᠠᠴᠤᠳ ᠪᠣᠯᠬᠤ ᠪᠠᠷ ᠴᠢᠷᠮᠠᠶᠢᠬᠤ   ᠤᠷᠢᠶᠠᠯᠠᠭ᠎ᠠ   ᠶᠢ ᠲᠠᠬᠢᠨᠳᠠ ᠭᠠᠷᠭᠠᠯ᠎ᠠ︾᠃     ᠭᠤᠷᠪᠠᠳᠤᠭᠠᠷ ᠪᠠᠭ᠎ᠠ ᠰᠤᠷᠭᠠᠭᠤᠯᠢ   ᠶᠢᠨ   ᠬᠢᠨ ᠯᠧᠢ ᠹᠧᠩ ᠤᠨ ᠦᠢᠯᠡ ᠠᠵᠢᠯᠯᠠᠭ᠎ᠠ   ᠶᠢ ᠦᠵᠡᠬᠦ᠂ ᠯᠧᠢ ᠹᠧᠩ ᠤᠨ ᠳᠠᠭᠤᠤ   ᠶᠢ ᠳᠠᠭᠤᠯᠠᠵᠤ ᠰᠤᠷᠬᠤ᠂ ᠯᠧᠢ ᠹᠧᠩ ᠤᠨ ᠦᠯᠢᠭᠡᠷ   ᠢ ᠶᠠᠷᠢᠬᠤ ᠵᠡᠷᠭᠡ ᠬᠡᠯᠪᠡᠷᠢ ᠪᠠᠷ ᠯᠧᠢ ᠹᠧᠩ ᠤᠨ ᠵᠣᠷᠢᠭ ᠰᠠᠨᠠᠭ᠎ᠠ   ᠶᠢ ᠣᠶᠢᠯᠠᠭᠠᠨ ᠰᠤᠷᠤᠯᠴᠠᠵᠤ᠂  ︽ᠯᠧᠢ ᠹᠧᠩ ᠤᠨ ᠵᠣᠷᠢᠭ ᠰᠠᠨᠠᠭ᠎ᠠ︾   ᠶᠢ ᠰᠡᠳᠬᠢᠯ ᠳᠡᠭᠡᠨ ᠭᠦᠨ ᠬᠠᠳᠠᠩᠰᠢᠭᠤᠯᠵᠠᠢ᠃ ᠬᠠᠪᠰᠤᠷᠤᠨ ᠵᠢᠯᠣᠭᠤᠳᠤᠭᠴᠢ ᠪᠠᠭᠰᠢ   ᠠᠴᠠ ᠣᠯᠠᠨ   ᠢ ᠣᠳᠣ   ᠠᠴᠠ ᠡᠬᠢᠯᠡᠨ ᠬᠢᠵᠦ᠂ ᠳᠡᠷᠭᠡᠳᠡᠬᠢ ᠪᠠᠭ᠎ᠠ ᠶᠠᠪᠤᠳᠠᠯ   ᠠᠴᠠ ᠡᠬᠢᠯᠡᠨ ᠬᠢᠵᠦ᠂ ᠯᠧᠢ ᠹᠧᠩ   ᠠᠴᠠ ᠰᠤᠷᠤᠯᠴᠠᠬᠤ ᠠᠵᠢᠯᠯᠠᠭ᠎ᠠ ᠳᠤ ᠢᠳᠡᠪᠬᠢᠲᠡᠢ ᠪᠠᠷ  ᠤᠷᠤᠯᠴᠠᠨ᠂ ᠠᠩᠭᠢ ᠨᠢᠬᠡᠴᠡ ᠪᠠᠨ ᠨᠡᠩ ᠭᠤᠶᠣ ᠰᠠᠶᠢᠬᠠᠨ ᠪᠣᠯᠭᠠᠵᠤ᠂ ᠰᠤᠷᠭᠠᠭᠤᠯᠢ   ᠶᠢᠨ ᠬᠦᠷᠢᠶ᠎ᠡ ᠪᠠᠨ ᠨᠡᠩ ᠭᠤᠶᠣ ᠰᠠᠶᠢᠬᠠᠨ ᠪᠣᠯᠭᠠᠵᠤ᠂ ᠬᠠᠮᠲᠤ ᠰᠤᠷᠤᠭᠴᠢᠳ ᠲᠠᠢ ᠪᠠᠨ ᠨᠡᠩ ᠨᠥᠬᠦᠷᠰᠡᠭ ᠳᠣᠲᠣᠨᠣ  ᠪᠤᠯᠵᠠᠭᠠᠵᠤ᠂ ᠭᠡᠷ ᠪᠦᠯᠢ ᠪᠠᠨ ᠨᠡᠩ ᠬᠠᠯᠠᠭᠤᠨ ᠳᠤᠯᠠᠭᠠᠨ ᠪᠣᠯᠭᠠᠬᠤ ᠬᠡᠷᠡᠭᠲᠡᠢ ᠭᠡᠵᠦ ᠤᠷᠢᠶᠠᠯᠠᠭᠰᠠᠨ ᠪᠠᠶᠢᠨ᠎ᠠ᠃   ᠰᠣᠷᠣᠭᠴᠢ ᠰᠢᠤᠸᠠᠢ ᠽᠢ ᠢ᠄  ︽ ᠨᠠᠳᠠ ᠳᠤ ᠬᠠᠮᠤᠭ ᠤᠨ ᠭᠦᠨ ᠰᠠᠭᠤᠭᠳᠠᠯ ᠥᠭᠭᠦᠭᠰᠡᠨ ᠳᠠᠭᠤᠤ ᠪᠣᠯ  ﹇ᠯᠧᠢ ᠹᠧᠩ ᠠᠴᠠ ᠰᠤᠷᠤᠯᠴᠠᠶ᠎ᠠ  ﹈ ᠭᠡᠰᠡᠨ ᠳᠠᠭᠤᠤ ᠪᠣᠯᠣᠨ᠎ᠠ᠂ ᠡᠨᠡ ᠳᠠᠭᠤᠤ ᠶᠢ ᠣᠯᠠᠨ ᠢᠶᠠᠷ ᠢᠶᠠᠨ ᠪᠦᠷ ᠰᠠᠶᠢᠨ  ᠮᠡᠳᠡᠳᠡᠭ᠂ ᠡᠨᠡ ᠳᠠᠭᠤᠤ ᠶᠢ ᠲᠤᠰᠬᠠᠶᠢᠯᠠᠨ ᠯᠧᠢ ᠹᠧᠩ ᠠᠪᠠᠭ᠎ᠠ ᠶᠢᠨ ᠵᠣᠷᠢᠭ ᠰᠠᠨᠠᠭᠠᠨ ᠤ ᠲᠥᠯᠥᠭᠡ ᠪᠢᠴᠢᠵᠡᠢ᠃ ᠮᠢᠨᠤ ᠦᠵᠡᠬᠦ ᠪᠠᠷ ᠯᠧᠢ ᠹᠧᠩ   ᠠᠴᠠ ᠰᠤᠷᠤᠯᠴᠠᠬᠤ ᠪᠣᠯ ᠮᠠᠰᠢ ᠬᠢᠯᠪᠠᠷ ᠶᠠᠪᠤᠳᠠᠯ ᠶᠤᠮ᠂  ᠪᠢᠳᠡᠨ ᠤ ᠬᠢᠵᠦ ᠳᠡᠶᠢᠯᠬᠦ ᠵᠦᠢᠯ ᠤᠳ ᠢᠶᠠᠨ ᠬᠢᠪᠡᠯ ᠪᠣᠯᠴᠢᠬᠠᠨ᠎ᠠ᠂ ᠵᠢᠱᠢᠶᠡᠯᠡᠪᠡᠯ ᠬᠠᠶᠠᠭᠳᠠᠭᠰᠠᠨ ᠴᠠᠭᠠᠰᠤ ᠶᠢ ᠲᠡᠭᠦᠵᠦ ᠠᠪᠬᠤ᠂ ᠬᠠᠮᠲᠤ ᠨᠥᠬᠦᠳ   ᠢᠶᠠᠨ  ᠬᠠᠯᠠᠮᠵᠢᠯᠠᠵᠤ ᠬᠠᠪᠰᠤᠷᠬᠤ ᠵᠡᠷᠭᠡ︾᠃    ᠲᠠᠪᠤᠳᠤᠭᠠᠷ ᠪᠠᠭ᠎ᠠ ᠰᠤᠷᠭᠠᠭᠤᠯᠢ  ᠶᠢᠨ ᠤᠯᠠᠭᠠᠨ ᠪᠦᠴᠡᠲᠡᠨ ᠤ ᠷᠠᠳᠢᠣ᠋ ᠨᠡᠪᠲᠡᠷᠡᠭᠦᠯᠭᠡ ᠶᠢᠨ ᠦᠷᠳᠡᠭᠡᠨ ᠤ ︽ᠰᠠᠶᠢᠨ ᠬᠥᠮᠥᠨ ᠪᠤᠯᠵᠤ ᠰᠠᠶᠢᠨ ᠶᠠᠪᠤᠳᠠᠯ ᠬᠢᠵᠦ᠂ ᠯᠧᠢ ᠹᠧᠩ ᠠᠴᠠ ᠰᠤᠷᠤᠯᠴᠠᠨ ᠳᠠᠭᠤᠷᠢᠶᠠᠯ ᠪᠣᠯᠬᠤ ᠪᠠᠷ ᠴᠢᠷᠮᠠᠶᠢᠬᠤ︾ ᠲᠤᠰᠬᠠᠢ ᠰᠡᠳᠦᠪᠲᠦ ᠷᠠᠳᠢᠣ᠋ ᠨᠡᠪᠲᠡᠷᠡᠭᠦᠯᠭᠡ ᠨᠢ ᠪᠠᠭᠰᠢ ᠰᠤᠷᠤᠭᠴᠢᠳ ᠤᠨ ᠰᠠᠶᠢᠨ ᠦᠨᠡᠯᠡᠯᠲᠡ ᠶᠢ ᠤᠯᠤᠭᠰᠠᠨ ᠪᠠᠶᠢᠯ᠎ᠠ᠃ ᠰᠤᠷᠤᠭᠴᠢᠳ ᠪᠦᠷ ᠡᠳᠦᠷ ᠲᠤᠲᠤᠮ ᠤᠨ ᠠᠮᠢᠳᠤᠷᠠᠯ ᠳᠤᠮᠳᠠ ᠪᠠᠨ ᠯᠧᠢ ᠹᠧᠩ ᠤᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠯᠧᠢ ᠹᠧᠩ ᠤᠨ ᠵᠣᠷᠢᠭ ᠰᠠᠨᠠᠭ᠎ᠠ ᠶᠢ  ᠰᠤᠷᠭᠠᠭᠤᠯᠢ  ᠶᠢᠨ ᠬᠦᠷᠢᠶᠡᠨ ᠳᠡᠭᠡᠨ ᠲᠡᠯᠬᠡᠷᠡᠬᠦᠯᠦᠨ᠎ᠡ ᠭᠡᠵᠦ ᠢᠯᠡᠳᠬᠡᠵᠡᠭᠡᠪᠡ᠃ ᠰᠣᠷᠣᠭᠴᠢ ᠵᠣᠣ ᠱᠤ᠋ ᠰᠢᠤᠸᠠᠨ᠄  ︽ᠡᠨᠡ ᠤᠳᠠᠭᠠᠨ ᠤ ᠠᠵᠢᠯᠯᠠᠭ᠎ᠠ  ᠪᠠᠷ ᠲᠠᠮᠵᠢᠭᠠᠳ ᠮᠠᠰᠢ ᠣᠯᠠᠨ ᠶᠠᠭᠤᠮ᠎ᠠ   ᠶᠢ ᠣᠯᠵᠤ ᠮᠡᠳᠡᠭᠰᠡᠨ᠂ ᠰᠢᠨ᠎ᠡ  ᠡᠷᠡᠨ ᠤ ᠰᠢᠯᠢᠳᠡᠭ  ᠪᠠᠭᠠᠴᠤᠳ ᠪᠣᠯᠤᠭᠰᠠᠨ ᠤ ᠬᠤᠪᠢ ᠳᠤ  ᠪᠢᠳᠡ ᠯᠧᠢ ᠹᠧᠩ ᠠᠪᠠᠭ᠎ᠠ ᠪᠠᠷ ᠲᠠᠭᠤᠷᠢᠶᠠᠯ ᠪᠤᠯᠭᠠᠨ᠂  ᠤᠯᠠᠮ ᠰᠠᠶᠢᠨ ᠰᠢᠮᠳᠠᠨ ᠰᠤᠷᠤᠯᠴᠠᠵᠤ᠂ ᠤᠯᠤᠰ ᠣᠷᠣᠨ ᠤ ᠪᠠᠨ ᠴᠤᠭᠴᠠᠯᠠᠯᠳᠠ ᠬᠦᠭᠵᠢᠯᠳᠡ ᠳᠤ ᠬᠦᠴᠦᠨ ᠴᠢᠳᠠᠯ ᠢᠶᠠᠨ ᠡᠷᠭᠦᠪᠡᠯ ᠵᠣᠬᠢᠨ᠎ᠠ ︾᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号