ᠮᠤᠩᠭᠤᠯᠴᠤᠳ ᠡᠷᠳᠡ ᠤᠷᠢᠳᠤ ᠠᠴᠠ ᠠᠪᠤᠭᠠᠳ ᠬᠦᠮᠦᠨ ᠦᠬᠦᠬᠦ ᠶᠢ ᠶᠡᠷᠦ ᠠᠴᠠ ᠦᠬᠦᠯ᠎ᠡ ᠬᠡᠵᠦ ᠬᠡᠯᠡᠳᠡᠭ | ᠦᠬᠡᠢ᠂ ᠬᠠᠷᠢᠨ ᠨᠠᠰᠤ ᠪᠤᠯᠵᠠᠢ᠂ ᠮᠤᠷᠢᠯᠠᠵᠠᠢ᠂ ᠦᠭᠡᠳᠡ ᠪᠤᠯᠵᠠᠢ᠂ ᠪᠤᠷᠬᠠᠨ ᠪᠤᠯᠵᠠᠢ᠂ ᠦᠨᠡᠨ ᠤ ᠭᠠᠵᠠᠷ ᠬᠦᠷᠴᠡᠢ | ᠬᠡᠬᠦ ᠪᠤᠶᠤ ᠶᠡᠬᠡᠰ ᠯᠠᠮᠨ ᠨᠠᠷ ᠢ ᠪᠤᠯ ᠲᠡᠭᠷᠢ ᠳᠤ ᠬᠠᠯᠢᠯᠠ᠂ ᠲᠠᠭᠠᠯᠠᠯ ᠲᠡᠭᠦᠰᠦᠯ᠎ᠡ ᠬᠡᠬᠦ ᠮᠡᠳᠦ ᠪᠠᠷ ᠬᠦᠨᠳᠦᠯᠡᠨ | ᠴᠡᠭᠡᠷᠯᠡᠵᠦ ᠬᠡᠯᠡᠳᠡᠭ ᠪᠠᠶᠢᠨ᠎ᠠ᠃ ᠬᠡᠦᠬᠡᠳ ᠢ ᠪᠤᠯ ᠠᠯᠳᠠᠴᠢᠬᠠᠯ᠎ᠠ᠂ ᠭᠡᠭᠡᠭᠳᠡᠴᠢᠬᠡᠯᠡ᠂ ᠬᠤᠴᠤᠷᠴᠢᠬᠠᠯᠠ ᠬᠡᠬᠦ ᠮᠡᠳᠦ | ᠪᠠᠷ ᠬᠡᠯᠡᠬᠦ ᠪᠠ ᠵᠤᠯ ᠪᠤᠰᠤ ᠪᠠᠷ ᠬᠠᠯᠢᠭᠰᠠᠳ ᠢ ᠪᠤᠯ ᠪᠦᠷᠢᠯᠦᠭᠡᠴᠢ᠂ ᠲᠠᠯᠢᠢᠭᠴᠢ᠂ ᠵᠢᠯᠡᠢᠭᠴᠢ ᠬᠡᠮᠡᠨ ᠴᠡᠭᠡᠷᠯᠡᠨ | ᠨᠡᠷᠡᠯᠡᠨ᠎ᠡ᠃ | ᠤᠷᠢᠳᠤ ᠳᠠᠭᠠᠨ ᠲᠠᠶᠢᠹᠤᠰᠧ ᠤᠨ ᠨᠤᠳᠤᠭ ᠲᠡᠪᠢᠰᠭᠡᠷ ᠦᠷᠭᠡᠨ ᠠᠭᠤᠳᠠᠮ᠂ ᠠᠳᠡ ᠲᠡᠨᠳᠡ ᠲᠠᠷᠬᠠᠨ | ᠨᠤᠳᠤᠭᠯᠠᠵᠤ ᠪᠠᠶᠢᠭᠰᠠᠨ ᠪᠤᠯᠬᠤᠷ ᠭᠡᠭᠡᠷ᠎ᠡ ᠬᠦᠨᠳᠡᠢ᠂ ᠠᠳᠠᠷ ᠴᠦᠯ᠂ ᠬᠦᠮᠦᠨ ᠮᠠᠯ ᠤᠨ ᠬᠦᠯ ᠬᠦᠷᠬᠦ ᠦᠬᠡᠢ | ᠪᠤᠶᠢᠳᠠ ᠭᠠᠵᠠᠷ ᠲᠤ ᠨᠦᠭᠴᠢᠭᠰᠡᠳ ᠢᠶᠠᠨ ᠤᠷᠤᠰᠢᠭᠤᠯᠳᠠᠭ ᠪᠠᠶᠢᠵᠠᠢ᠃ ᠡᠨᠡ ᠭᠠᠵᠠᠷ ᠢ ᠰᠤᠩᠭᠤᠬᠤ ᠳᠠᠭᠠᠨ | ᠦᠵᠡᠭᠡᠴᠢ ᠲᠦᠯᠭᠡᠴᠢ ᠪᠠᠷ ᠦᠵᠡᠬᠦᠯᠵᠦ᠂ ᠤᠷᠤᠰᠢᠭᠤᠯᠬᠤ ᠳᠤ ᠲᠤᠬᠢᠷᠠᠮᠵᠢᠳᠠᠢ ᠭᠡᠰᠡᠨ ᠭᠠᠵᠠᠷ ᠢ ᠰᠤᠩᠭᠤᠳᠠᠭ | ᠪᠠᠶᠢᠨ᠎ᠠ᠃ ᠢᠩᠬᠢᠭᠡᠳ ᠨᠦᠭᠴᠢᠭᠴᠢ ᠶᠢᠨ ᠴᠢᠨᠳᠠᠷ ᠢ ᠲᠡᠷᠡ ᠭᠠᠵᠠᠷ ᠨᠢ ᠠᠪᠠᠴᠢᠵᠤ ᠬᠦᠳᠡᠭᠡᠯᠡᠨ ᠲᠠᠯᠪᠢᠳᠠᠭ᠃ | ᠤᠷᠢᠳᠤ ᠳᠠᠭᠠᠨ ᠲᠠᠶᠢᠹᠤᠰᠧ ᠨᠤᠳᠤᠭ ᠤᠨ ᠬᠤᠶᠢᠳᠤ ᠵᠠᠬ᠎ᠠ ᠳᠠᠬᠢ ᠲᠠᠷᠢᠶᠠᠯᠠᠩ᠂ ᠲᠠᠷᠢᠶᠠᠨ ᠲᠤᠯᠤᠭᠠᠢ᠂ ᠲᠡᠷᠭᠡᠳᠦ | ᠶᠢᠨ ᠬᠦᠨᠳᠡᠢ᠂ ᠴᠠᠭᠠᠨ ᠡᠪᠡᠰᠦᠳᠡᠢ᠂ ᠡᠮᠦᠨ᠎ᠡ ᠵᠠᠬ᠎ᠠ ᠳᠠᠬᠢ ᠴᠤᠭ ᠦᠨᠳᠦᠷ᠂ ᠠᠮᠤᠷᠯᠢᠩᠭᠤᠢ᠂ ᠬᠦᠬᠡ ᠪᠤᠬ᠎ᠠ ᠶᠢᠨ | ᠱᠤᠷᠤᠩ᠂ ᠴᠢᠪᠠᠭᠠᠨᠴᠠ᠂ ᠬᠠᠪᠳᠠᠭᠠᠢ ᠵᠡᠷᠭᠡ ᠭᠠᠵᠠᠷ ᠪᠤᠯ ᠶᠡᠷᠦᠳᠡ ᠶᠢᠨ ᠬᠦᠮᠦᠰ ᠢ ᠤᠷᠤᠰᠢᠭᠤᠯᠳᠠᠭ | ᠤᠷᠤᠰᠢᠭᠤᠯᠭ᠎ᠠ ᠶᠢᠨ ᠭᠠᠵᠠᠷ ᠪᠠᠶᠢᠪᠠ᠃ ᠰᠡᠬᠦᠯᠡᠷ ᠨᠢ ᠠᠳᠠᠷ ᠬᠠᠭᠠᠯᠪᠤᠷᠢᠯᠠᠵᠤ ᠭᠠᠵᠠᠷ ᠨᠤᠳᠤᠭ ᠢᠪᠴᠤᠤᠷᠠᠨ᠂ | ᠬᠦᠨᠳᠡᠢ ᠴᠦᠯ ᠭᠠᠵᠠᠷ ᠬᠤᠪᠤᠷᠳᠠᠭᠰᠠᠨ ᠠᠴᠠ ᠬᠦᠳᠡᠭᠡᠯᠡᠨ ᠲᠠᠯᠪᠢᠬᠤ ᠪᠠᠨ ᠪᠤᠯᠢᠵᠤ᠂ ᠪᠤᠮᠪᠠ ᠪᠠᠷᠢᠵᠤ | ᠬᠠᠶᠢᠯᠠᠭᠤᠯᠤᠨ ᠤᠷᠤᠰᠢᠭᠤᠯᠬᠤ ᠪᠤᠯᠵᠠᠢ᠃ ᠠᠮᠪᠠᠰ ᠨᠤᠶᠠᠳ ᠪᠤᠯ ᠦᠪᠡᠷᠰᠡᠳ ᠤᠨ ᠲᠤᠭᠳᠠᠭᠰᠠᠨ ᠤᠷᠤᠰᠢᠭᠤᠯᠭ᠎ᠠ | ᠶᠢᠨ ᠭᠠᠵᠠᠷ ᠲᠠᠢ᠃ ᠲᠡᠷᠡ ᠭᠠᠵᠠᠷ ᠲᠠᠭᠠᠨ ᠤᠷᠤᠰᠢᠭᠤᠯᠬᠤ ᠠᠴᠠ ᠪᠢᠰᠢ᠂ ᠪᠤᠰᠤᠳ ᠭᠠᠵᠠᠷ ᠢ ᠭᠡᠷᠡᠭᠯᠡᠳᠡᠭ | ᠦᠬᠡᠢ ᠪᠠᠶᠢᠪᠠ᠃ | ᠬᠦᠮᠦᠨ ᠨᠠᠰᠤ ᠨᠦᠭᠴᠢᠬᠦ ᠲᠦᠬᠦᠪᠡᠯ ᠤᠶᠢᠷ᠎ᠠ ᠬᠠᠪᠢ ᠶᠢᠨ ᠯᠠᠮᠠ ᠪᠤᠶᠤ ᠬᠤᠶᠢᠳᠤᠬᠢ ᠶᠢ ᠨᠢ ᠲᠠᠭᠠᠭᠠᠬᠤ ᠯᠠᠮᠠ | ᠶᠢ ᠵᠠᠯᠠᠵᠤ ᠢᠷᠡᠭᠡᠳ ᠠᠮᠢᠰᠬᠤᠯ ᠬᠤᠷᠢᠶᠠᠬᠤ ᠦᠶ᠎ᠡ ᠳᠤ ᠲᠤᠯᠤᠭᠠᠢ ᠲᠡᠭᠡᠷ᠎ᠡ ᠨᠢ ᠬᠤᠩᠬᠤ ᠲᠡᠯᠡᠰᠴᠦ᠂ | ᠰᠠᠩᠵᠢᠳᠮᠤᠩᠯᠤᠮ ᠪᠤᠶᠤ ᠲᠠᠷᠪᠠᠴᠢᠩᠪᠤ ᠤᠩᠰᠢᠭᠤᠯᠤᠨ᠎ᠠ᠃ ᠡᠬᠦᠨ ᠢ ᠬᠤᠩᠬᠤᠨ ᠲᠠᠭᠤᠨ ᠲᠠᠢ ᠶᠠᠪᠤᠨ᠎ᠠ ᠬᠡᠬᠦ | ᠪᠦᠬᠡᠳ ᠡᠨᠡ ᠬᠦᠮᠦᠨ ᠢ ᠨᠦᠬᠦᠬᠡ ᠶᠢᠷᠳᠢᠨᠴᠦ ᠳᠤ ᠤᠴᠢᠯ᠎ᠠ ᠭᠡᠰᠡᠨ ᠢ ᠮᠡᠳᠡᠭᠡᠯᠡᠵᠦ ᠪᠠᠶᠢᠭ᠎ᠠ ᠭᠡᠳᠡᠭ᠃ | ᠲᠠᠷᠪᠠᠴᠢᠩᠪᠤ ᠤᠩᠰᠢᠪᠠᠯ ᠲᠠᠮᠤ ᠶᠢᠨ ᠤᠷᠤᠨ ᠳᠤ ᠤᠷᠤᠬᠤ ᠦᠬᠡᠢ ᠭᠡᠰᠡᠨ ᠦᠬᠡ ᠪᠠᠶᠢᠳᠠᠭ᠃ ᠲᠡᠭᠡᠭᠡᠳ ᠨᠢᠳᠦ ᠶᠢ | ᠨᠢ ᠠᠨᠢᠭᠤᠯᠵᠤ᠂ ᠠᠮᠠᠨ ᠳᠤᠨᠢ ᠰᠢᠷ᠎ᠠ ᠲᠤᠰᠤ ᠡᠮᠬᠦᠬᠦᠯᠦᠨ᠂ ᠲᠡᠭᠡᠭᠰᠢ ᠬᠠᠷᠠᠵᠤ ᠠᠮᠤᠷᠯᠢᠩᠭᠤᠢ ᠨᠤᠶᠢᠷᠰᠤᠵᠤ | ᠪᠠᠶᠢᠭ᠎ᠠ ᠮᠡᠳᠦ ᠲᠡᠭᠰᠢᠯᠡᠵᠦ ᠬᠡᠪᠳᠡᠬᠦᠯᠦᠭᠡᠳ᠂ ᠨᠢᠭᠤᠷ ᠲᠡᠭᠡᠷ᠎ᠡ ᠨᠢ ᠬᠠᠳᠠᠭ ᠪᠤᠶᠤ ᠴᠠᠭᠠᠨ ᠠᠯᠴᠢᠭᠤᠷ ᠪᠦᠳᠡᠭᠡᠵᠦ᠂ | ᠲᠤᠯᠤᠭᠠᠢ ᠶᠢᠨ ᠲᠡᠷᠭᠡᠳᠡ ᠵᠤᠯᠠ ᠠᠰᠠᠭᠠᠨ᠂ ᠡᠷᠦᠬᠡ ᠪᠠᠨ ᠬᠤᠰᠢᠭᠤᠯᠳᠠᠵᠤ ᠲᠠᠳᠠᠭᠠᠳ ᠤᠭᠤᠰᠤᠷ ᠢ ᠰᠤᠯᠠ | ᠲᠠᠯᠪᠢᠨ᠎ᠠ᠃ ᠢᠩᠬᠢᠪᠡᠯ ᠭᠠᠳᠠᠨ᠎ᠠ ᠶᠢᠨ ᠬᠦᠮᠦᠰ ᠡᠨᠡ ᠠᠶᠢᠯ ᠳᠤ ᠭᠠᠰᠢᠭᠤᠳᠠᠯ ᠪᠤᠯᠵᠤ ᠪᠠᠶᠢᠭ᠎ᠠ ᠭᠡᠳᠡᠭ ᠢ ᠮᠡᠳᠡᠨ᠎ᠠ᠃ | ᠲᠡᠭᠡᠭᠡᠳ ᠬᠤᠶᠢᠳᠤᠬᠢ ᠶᠢ ᠲᠠᠭᠠᠭᠠᠭᠰᠠᠨ ᠯᠠᠮᠠ ᠪᠤᠶᠤ ᠭᠡᠭᠡᠨ ᠱᠠᠪᠷᠤᠩ ᠢᠶᠠᠷ ᠡᠳᠦᠷ ᠦᠵᠡᠬᠦᠯᠵᠦ ᠭᠠᠷᠭᠠᠬᠤ ᠴᠠᠭ | ᠢ ᠲᠤᠭᠳᠠᠭᠠᠨ᠎ᠠ᠃ ᠵᠠᠷᠢᠮ ᠨᠠᠰᠤᠳᠠᠳ ᠨᠠᠰᠤ ᠪᠤᠯᠬᠤ ᠠᠴᠠ ᠪᠠᠨ ᠡᠮᠦᠨ᠎ᠡ ᠲᠠᠭᠠᠭᠠᠬᠤ ᠯᠠᠮᠠ ᠪᠠᠨ ᠵᠠᠯᠠᠭᠠᠳ᠂ | ᠤᠷᠤᠰᠢᠭᠤᠯᠬᠤ ᠭᠠᠵᠠᠷ ᠢᠶᠠᠨ ᠬᠦᠷᠳᠡᠯ᠎ᠡ ᠲᠤᠭᠳᠠᠭᠰᠠᠨ ᠴᠤ ᠪᠠᠶᠢᠳᠠᠭ᠃ | ᠬᠦᠮᠦᠨ ᠨᠦᠭᠴᠢᠭᠡᠳ 12 —24 ᠴᠠᠭ ᠦᠩᠭᠡᠷᠡᠭᠰᠡᠨ ᠤ ᠲᠠᠷᠠᠭ᠎ᠠ ᠴᠢᠨᠳᠠᠷ ᠢ ᠬᠦᠨᠳᠡᠵᠦ | ᠬᠤᠪᠴᠠᠰᠤᠯᠠᠨ᠎ᠠ᠃ ᠬᠤᠪᠴᠠᠰᠤᠯᠠᠬᠤ ᠳᠤ ᠢᠪᠡᠬᠡᠯ ᠬᠦᠮᠦᠰ ᠤᠷᠤᠯᠴᠠᠵᠤ ᠬᠦᠢᠴᠡᠳᠭᠡᠨ᠎ᠠ᠃ ᠨᠦᠭᠴᠢᠭᠰᠡᠨ | ᠬᠦᠮᠦᠨ ᠤ ᠬᠤᠪᠴᠠᠰᠤ ᠶᠢ ᠲᠠᠶᠢᠯᠤᠨ ᠠᠪᠴᠤ᠂ ᠪᠡᠶ᠎ᠡ ᠶᠢ ᠴᠠᠭᠠᠨ ᠪᠦᠰ ᠢᠶᠠᠷ ᠤᠷᠢᠶᠠᠬᠤ ᠪᠤᠶᠤ ᠴᠠᠭᠠᠨ | ᠲᠠᠭᠠᠷᠴᠤᠭ ᠲᠤ ᠬᠢᠵᠦ᠂ ᠮᠤᠳᠤᠨ ᠵᠢᠶᠠᠰᠠ ︵ᠲᠠᠮᠨᠠᠭᠤᠷ︶ ᠲᠡᠭᠡᠷ᠎ᠡ ᠲᠠᠯᠪᠢᠳᠠᠭ᠃ ᠨᠢᠴᠦᠬᠦᠨ ᠢᠶᠠᠷ | ᠬᠤᠪᠴᠠᠰᠤᠯᠠᠳᠠᠭ ᠤᠨ ᠤᠴᠢᠷ ᠨᠢ ᠲᠠᠷᠠᠭ᠎ᠠ ᠲᠦᠷᠦᠯ ᠳᠡᠭᠡᠨ ᠦᠰᠦ ᠲᠠᠢ ᠮᠠᠯ ᠤᠨ ᠲᠦᠷᠦᠯ ᠤᠯᠬᠤ ᠠᠴᠠ | ᠴᠡᠭᠡᠷᠯᠡᠵᠦ ᠪᠠᠶᠢᠭ᠎ᠠ ᠬᠡᠨ᠎ᠡ ᠃ ᠪᠠᠰᠠ ︽ ᠡᠨᠡ ᠬᠤᠷᠸ᠎ᠠ ᠳᠤ ᠨᠢᠴᠦᠬᠦᠨ ᠢᠷᠡᠭᠰᠡᠨ ᠪᠤᠯᠬᠤᠷ᠂ ᠶᠠᠪᠤᠬᠤ ᠳᠠᠭᠠᠨ | ᠴᠤ ᠨᠢᠴᠦᠬᠦᠨ ᠶᠠᠪᠤᠨ᠎ᠠ︾ ᠭᠡᠳᠡᠭ᠃ | ᠴᠢᠨᠳᠠᠷ ᠲᠡᠭᠡᠷ᠎ᠡ ᠴᠠᠭᠠᠨ ᠬᠠᠳᠠᠭ ᠪᠤᠶᠤ ᠡᠷᠢᠬᠡ ᠶᠢᠨ ᠤᠭᠤᠰᠤᠷ ᠲᠠᠮᠤᠵᠤ ᠲᠠᠯᠪᠢᠬᠤ ᠪᠦᠬᠡᠳ ᠡᠮᠦᠨ᠎ᠡ ᠨᠢ | ᠪᠤᠤᠪᠤ᠂ ᠰᠢᠬᠢᠷ᠂ ᠵᠢᠮᠢᠰ ᠤᠨ ᠵᠦᠢᠯ ᠢ ᠲᠠᠪᠠᠭᠯᠠᠵᠤ᠂ ᠵᠤᠯᠠ ᠬᠦᠵᠢ ᠠᠰᠠᠭᠠᠨ᠎ᠠ ᠃ ᠬᠤᠪᠴᠠᠰᠤᠯᠠᠭᠰᠠᠨ ᠠᠴᠠ | ᠠᠪᠤᠭᠠᠳ ᠬᠦᠳᠡᠭᠡᠯᠡᠳᠡᠯᠡ ᠦᠷ᠎ᠡ ᠭᠡᠦᠬᠡᠳ ᠪᠠ ᠲᠦᠷᠦᠯ ᠰᠠᠳᠤᠨ ᠨᠢ ᠴᠠᠭᠠᠯᠠᠬᠤ ᠶᠤᠰᠤ ᠬᠦᠢᠴᠡᠳᠭᠡᠨ᠎ᠡ᠃ ᠶᠡᠭᠡ | ᠪᠠᠷ ᠴᠠᠭᠠᠯᠠᠬᠤ ᠨᠢ ᠴᠠᠭᠠᠨ ᠪᠦᠰ ᠢᠶᠠᠷ ᠡᠩᠭᠡᠷ ᠵᠠᠳᠠᠭᠠᠢ ᠬᠦᠷᠮ᠎ᠡ ᠬᠦᠰᠢᠵᠦ ᠡᠮᠦᠰᠦᠨ᠂ ᠪᠠᠭ᠎ᠠ ᠴᠠᠭᠠᠯᠠᠬᠤ ᠨᠢ | ᠴᠠᠭᠠᠨ ᠪᠦᠰᠡ ᠪᠦᠰᠡᠯᠡᠬᠦ ᠂ ᠮᠠᠯᠠᠭᠠᠢ ᠪᠤᠶᠤ ᠬᠠᠨᠴᠤᠢ ᠲᠡᠭᠡᠷ᠎ᠡ ᠪᠠᠨ ᠴᠠᠭᠠᠨ ᠪᠦᠰ ᠬᠠᠳᠠᠳᠠᠭ᠃ ᠭᠠᠰᠢᠭᠤᠳᠠᠯ ᠤᠨ | ᠬᠤᠭᠤᠴᠠᠭᠠᠨ ᠳᠤ ᠵᠠᠭᠠᠮ᠎ᠠ ᠶᠢᠨ ᠲᠤᠪᠴᠢ ᠶᠢ ᠵᠠᠳᠠᠭᠠᠶᠢᠯᠠᠬᠤ ᠪᠠ ᠮᠠᠯᠠᠭᠠᠢ ᠶᠢᠨ ᠰᠠᠷᠠᠪᠴᠢ ᠶᠢ ᠪᠠᠭᠤᠯᠭᠠᠬᠤ ᠪᠤᠶᠤ | ᠲᠤᠳᠤᠭᠰᠢ ᠬᠤᠮᠢᠨ ᠡᠮᠦᠰᠴᠦ᠂ ᠡᠮᠡᠭᠳᠡᠢ ᠬᠦᠮᠦᠨ ᠵᠠᠰᠠᠯ ᠰᠦᠢᠬᠡ ᠪᠠᠨ ᠵᠡᠬᠦᠬᠦ ᠦᠬᠡᠢ᠃ ᠢᠨᠢᠶᠠᠵᠦ | ᠬᠦᠭᠡᠷᠦᠯᠳᠦᠬᠦ᠂ ᠲᠠᠭᠤᠯᠠᠵᠤ ᠦᠢᠮᠡᠯᠳᠦᠬᠦ ᠶᠢ ᠴᠡᠭᠡᠷᠯᠡᠬᠦ ᠪᠦᠬᠡᠳ ᠵᠤᠯᠠ ᠶᠢ ᠵᠠᠯᠭ᠎ᠠ ᠠᠰᠠᠭᠠᠵᠤ᠂ ᠠᠷᠴᠠ ᠬᠦᠵᠢ | ᠰᠢᠳᠠᠭᠠᠨ ᠭᠡᠩᠰᠢᠬᠦᠦ ᠲᠠᠯᠪᠢᠵᠤ ᠪᠠᠶᠢᠳᠠᠭ᠃ ᠨᠦᠭᠴᠢᠭᠰᠡᠨ ᠬᠦᠮᠦᠨ ᠤ ᠲᠡᠷᠭᠡᠳᠡ ᠬᠡᠵᠢᠶᠡᠳᠡ ᠬᠦᠮᠦᠨ ᠪᠠᠶᠢᠬᠤ | ᠭᠡᠷᠡᠭᠳᠡᠢ᠃ ᠮᠤᠤᠷ ᠨᠤᠬᠠᠢ ᠶᠢ ᠤᠶᠢᠷᠠᠳᠤᠭᠤᠯᠳᠠᠭ ᠦᠬᠡᠢ᠃ | ᠬᠦᠮᠦᠨ ᠨᠦᠭᠴᠢᠭᠰᠡᠨ ᠤ ᠲᠠᠷᠠᠭ᠎ᠠ ᠲᠤᠤᠷ᠎ᠠ ᠦᠶ᠎ᠡ ᠶᠢᠨ ᠬᠦᠮᠦᠰ ᠪᠤᠶᠤ ᠲᠦᠷᠦᠯ ᠰᠠᠳᠤᠨ ᠳᠤᠨᠢ ᠴᠢᠮᠡᠭᠡ | ᠦᠭᠭᠦᠨ᠎ᠡ᠂ ᠡᠬᠦᠨ ᠢ ᠲᠠᠶᠢᠹᠤᠰᠧ ᠨᠤᠳᠤᠭ ᠲᠤ ᠮᠡᠳᠡᠭᠡ ᠬᠡᠯᠡᠬᠦ᠂ ᠮᠡᠳᠡᠭᠡ ᠪᠠᠷᠢᠬᠤ ᠬᠡᠳᠡᠭ᠃ ᠠᠶᠢᠯ | ᠰᠠᠭᠠᠬᠠᠯᠳᠠ ᠪᠠ ᠬᠤᠯᠠ ᠤᠶᠢᠷ᠎ᠠ ᠶᠢᠨ ᠬᠢᠨ ᠴᠤ ᠬᠠᠷᠢᠯᠴᠠᠨ ᠴᠢᠮᠡᠭᠡ ᠠᠪᠤᠯᠴᠠᠵᠤ ᠢᠷᠡᠭᠡᠳ᠂ ︽ᠰᠢᠷᠡᠭᠡ ᠪᠠᠷᠢᠵᠤ | ︾ ᠭᠠᠰᠢᠭᠤᠳᠠᠯ ᠢᠯᠡᠷᠭᠡᠶᠢᠯᠡᠬᠦ ᠶᠢᠨ ᠬᠠᠮᠳᠤ᠂ ᠶᠠᠮᠠᠷ ᠴᠤ ᠨᠦᠬᠦᠴᠡᠯ ᠦᠬᠡᠢ ᠪᠠᠷ ᠪᠤᠶᠠᠨ ᠤ ᠶᠠᠪᠤᠳᠠᠯ ᠳᠤ | ᠬᠠᠮᠵᠢᠯᠴᠠᠬᠤ ᠵᠠᠩᠰᠢᠯ ᠲᠠᠢ᠃ ᠬᠤᠷᠢᠳᠤᠭᠠᠷ ᠵᠠᠭᠤᠨ ᠤ ᠲᠠᠯᠠᠭᠠᠳ ᠤᠨ ᠤ ᠰᠡᠬᠦᠯᠴᠢ ᠪᠤᠶᠤ ᠨᠠᠶᠠᠭᠠᠳ ᠤᠨ ᠠᠴᠠ | ᠡᠬᠢᠯᠡᠵᠦ᠂ ᠬᠦᠮᠦᠨ ᠨᠦᠭᠴᠢᠪᠡᠯ ᠠᠶᠢᠯ ᠬᠤᠳᠠᠨ ᠤ ᠬᠢᠨ ᠪᠠ ᠬᠤᠯᠠ ᠶᠢᠨ ᠲᠦᠷᠦᠯ ᠰᠠᠳᠤᠨ᠂ ᠨᠠᠶᠢᠵᠠ | ᠨᠦᠬᠦᠳ ᠲᠤᠨᠢ ᠭᠡᠵᠦ ᠨᠡᠯᠢᠶᠡᠳ ᠦᠷᠭᠡᠨ ᠭᠡᠪᠴᠢᠶ᠎ᠡ ᠪᠠᠷ ᠮᠡᠳᠡᠭᠡ ᠬᠡᠯᠡᠳᠡᠭ ᠪᠤᠯᠵᠠᠢ᠃ | ᠨᠦᠭᠴᠢᠭᠰᠡᠨ ᠬᠦᠮᠦᠨ ᠤ ᠬᠤᠶᠢᠨ᠎ᠠ ᠠᠴᠠ ᠴᠢᠳᠠᠯ ᠤᠨ ᠬᠢᠷᠢ ᠪᠠᠷ ᠪᠤᠶᠠᠨ ᠦᠢᠯᠡᠳᠦᠨ᠎ᠡ᠃ ︽ᠰᠢᠷᠡᠭᠡ | ᠪᠠᠷᠢᠬᠤ︾ ᠬᠦᠮᠦᠰ ᠠᠪᠴᠢᠷᠠᠭᠰᠠᠨ ᠪᠤᠤᠪᠤ ᠪᠤᠭᠤᠷᠰᠤᠭ᠂ ᠮᠦᠩᠬᠦ ᠵᠤᠭᠤᠰ ᠵᠡᠷᠭᠡ ᠲᠠᠬᠢᠯ ᠤᠨ ᠶᠠᠭᠤᠮ᠎ᠠ ᠪᠠᠨ | ᠴᠢᠨᠳᠠᠷ ᠤᠨ ᠡᠮᠦᠨ᠎ᠡ ᠲᠠᠯᠪᠢᠭᠠᠳ᠂ ᠬᠦᠵᠢ ᠠᠰᠠᠭᠠᠵᠤ ᠮᠦᠷᠬᠦᠨ ᠶᠤᠰᠤᠯᠠᠨ᠎ᠠ᠃ ᠨᠦᠭᠴᠢᠭᠰᠡᠳ ᠤᠨ ᠪᠤᠶᠠᠨ | ᠲᠡᠭᠡᠷ᠎ᠡ ᠠᠶᠢᠯ ᠬᠤᠳᠠᠨ ᠤ ᠬᠦᠭᠰᠢᠨ ᠵᠠᠯᠠᠭᠤ ᠬᠡᠦᠭᠡᠳ ᠱᠤᠤᠬᠠᠳ ᠢᠷᠡᠭᠰᠡᠨ ᠪᠤᠯᠭᠠᠨ ᠳᠤ ᠪᠤᠶᠠᠨ ᠤ ᠬᠤᠭᠤᠯᠠ | ᠢᠳᠡᠬᠦᠯᠦᠨ᠎ᠡ᠃ ᠯᠠᠮᠠ ᠬᠦᠮᠦᠨ ᠪᠤᠶᠠᠨ ᠲᠡᠭᠡᠷ᠎ᠡ ᠲᠤᠰᠬᠠᠶᠢᠯᠠᠨ ᠢᠷᠡᠵᠦ ᠢᠷᠦᠬᠡᠯ ᠤᠩᠰᠢᠭᠠᠳ ᠂ ᠴᠠᠭᠠᠨ ᠬᠠᠳᠠᠭ᠂ | ᠡᠷᠢᠬᠡᠨ ᠤ ᠤᠭᠤᠰᠤᠷ ᠪᠤᠶᠤ ᠵᠡᠬᠦᠦ ᠤᠳᠠᠰᠤ ᠶᠢᠨ ᠪᠠᠷᠢᠴᠠ ᠠᠪᠤᠭᠠᠳ᠂ ᠪᠤᠶᠠᠨ ᠤ ᠴᠠᠪ ᠵᠤᠭᠤᠭᠯᠠᠭᠠᠳ ᠶᠠᠪᠤᠨ᠎ᠠ | ᠃ ᠭᠡᠷᠪᠡ ᠰᠦᠮ᠎ᠡ ᠰᠠᠩ ᠤᠨ ᠨᠡᠷ᠎ᠡ ᠪᠠᠷ ᠰᠢᠷᠡᠭᠡ ᠪᠠᠷᠢᠭᠰᠠᠨ ᠪᠤᠯ ᠲᠡᠷᠡ ᠠᠶᠢᠯ ᠨᠢ ᠰᠦᠮ᠎ᠡ ᠬᠡᠶᠢᠳ ᠤᠨ ᠬᠤᠷᠠᠯ | ᠳᠤ ᠨᠢᠬᠡ ᠡᠳᠦᠷ ᠤᠨ ᠴᠠᠪ ᠮᠠᠩᠵᠠ ᠡᠷᠬᠦᠨ᠎ᠡ ᠬᠡᠮᠡᠨ ᠠᠮᠠᠯᠠᠬᠤ ᠪᠤᠶᠤ ᠠᠳᠠᠭ ᠲᠠᠭᠠᠨ ᠬᠤᠷᠠᠯ ᠨᠤᠮ ᠳᠤ ᠵᠢᠳ | ᠪᠠᠷᠢᠨ᠎ᠠ ᠬᠡᠵᠦ ᠠᠮᠠᠯᠠᠭᠠᠳ ᠶᠤᠰᠤᠴᠢᠯᠠᠨ ᠪᠡᠶᠡᠯᠡᠬᠦᠯᠦᠨ᠎ᠡ᠃ | ᠪᠤᠶᠠᠨ ᠦᠢᠯᠡᠳᠬᠦ ᠬᠤᠭᠤᠴᠠᠭᠠᠨ ᠳᠤ ᠯᠠᠮᠨ ᠨᠠᠷ ᠦᠷᠬᠦᠯᠵᠢᠯᠡᠨ ᠨᠤᠮ ᠤᠩᠰᠢᠵᠤ᠂ ᠭᠠᠷᠭᠠᠬᠤ ᠶᠢᠨ | ᠲᠦᠷᠦᠬᠦᠦ ᠡᠳᠦᠷ ᠨᠢ ᠯᠾᠤᠷᠤᠭ ᠤᠩᠰᠢᠨ᠎ᠠ᠃ ᠯᠾᠤᠷᠤᠭ ᠤᠩᠰᠢᠬᠤ ᠭᠡᠳᠡᠭ ᠪᠤᠯ ᠨᠦᠭᠴᠢᠭᠰᠡᠨ ᠬᠦᠮᠦᠨ ᠤ | ᠰᠦᠨᠡᠰᠦ ᠡᠷᠯᠢᠭ ᠤᠨ ᠤᠷᠤᠨ ᠳᠤ ᠤᠴᠢᠬᠤ ᠵᠠᠮ ᠳᠠᠭᠠᠨ ᠤᠯᠠᠨ ᠵᠦᠢᠯ ᠤᠨ ᠬᠠᠷᠰᠢ ᠰᠠᠭᠠᠳ ᠲᠤ ᠤᠴᠠᠷᠠᠳᠠᠭ | ᠪᠤᠯᠬᠤᠷ ᠡᠨᠡ ᠨᠤᠮ ᠢ ᠤᠩᠰᠢᠵᠤ᠂ ᠲᠡᠬᠦᠨ ᠳᠤ ᠬᠢᠴᠢᠶᠡᠨ ᠰᠡᠷᠡᠮᠵᠢᠯᠡᠵᠦ ᠦᠩᠭᠡᠷᠡᠬᠦ ᠶᠢ ᠵᠠᠬᠢᠨ᠂ ᠶᠠᠪᠤᠬᠤ ᠵᠠᠮ | ᠮᠦᠷ ᠢ ᠨᠢ ᠵᠢᠭᠠᠵᠤ ᠦᠭᠳᠡᠭ ᠬᠡᠨ᠎ᠡ᠃ ᠯᠾᠤᠷᠤᠭ ᠤᠩᠰᠢᠬᠤ ᠦᠶᠡᠰ᠂ ᠨᠦᠭᠴᠢᠭᠰᠡᠨ ᠬᠦᠮᠦᠨ ᠤ ᠡᠮᠦᠨ᠎ᠡ ᠰᠢᠨ᠎ᠡ | ᠮᠠᠯᠠᠭᠠᠢ᠂ ᠭᠤᠳᠤᠯ᠂ ᠲᠡᠪᠡᠯ᠂ ᠪᠦᠰᠡ ᠪᠠ ᠡᠳ᠋ᠯᠡᠯ ᠭᠡᠷᠡᠭᠯᠡᠬᠦᠨ ᠢ ᠲᠡᠯᠪᠢᠵᠦ᠂ ᠡᠬᠦᠨ ᠢᠶᠠᠨ ︽ᠰᠢᠨ᠎ᠡ | ᠬᠤᠪᠴᠠᠰᠤ ᠡᠮᠦᠰᠭᠡᠨ᠎ᠡ︾ ᠭᠡᠳᠡᠭ᠃ ᠪᠠᠰᠠ ᠮᠤᠷᠢ ᠡᠮᠡᠬᠡᠯᠯᠡᠨ᠂ ᠵᠦᠪᠳᠡᠢ ᠲᠠᠯ᠎ᠠ ᠳᠤᠨᠢ ᠲᠠᠰᠢᠭᠤᠷ ᠵᠡᠬᠦᠵᠦ᠂ | ᠰᠠᠭᠠᠯᠳᠤᠷᠭ᠎ᠠ ᠶᠢ ᠤᠶᠠᠬᠤ ᠦᠬᠡᠢ ᠰᠤᠯᠠ ᠲᠠᠯᠪᠢᠭᠠᠳ᠂ ᠨᠢᠬᠡ ᠬᠦᠮᠦᠨ ᠭᠡᠷ ᠤᠨ ᠡᠬᠦᠳᠡᠨᠡ ᠬᠦᠳᠦᠯᠵᠦ | ᠵᠤᠭᠰᠤᠨ᠎ᠠ᠃ ᠡᠨᠡ ᠪᠤᠯ ᠨᠦᠭᠴᠢᠭᠰᠡᠳ ᠢ ᠪᠤᠷᠬᠠᠨ ᠤ ᠤᠷᠤᠨ ᠳᠤ ᠮᠤᠷᠢ ᠤᠨᠤᠭᠤᠯᠤᠨ ᠮᠤᠷᠳᠠᠭᠤᠯᠵᠤ ᠪᠠᠶᠢᠭ᠎ᠠ | ᠶᠤᠰᠤ ᠪᠤᠯᠤᠨ᠎ᠠ᠃ ᠬᠤᠪᠴᠠᠰᠤ ᠬᠤᠨᠠᠷ ᠪᠠ ᠬᠦᠳᠦᠯᠦᠭᠰᠡᠨ ᠮᠤᠷᠢ ᠶᠢ ᠲᠠᠭᠠᠭᠠᠭᠰᠠᠨ ᠯᠠᠮᠠ ᠳᠤ ᠦᠭᠴᠦ᠂ | ᠡᠰᠡᠬᠦᠯ᠎ᠡ ᠮᠦᠩᠬᠦ ᠵᠤᠭᠤᠰᠤᠨ ᠤ ᠪᠠᠷᠢᠴᠠ ᠪᠠᠷ ᠰᠤᠯᠢᠵᠤ ᠠᠪᠤᠭᠰᠠᠨ ᠴᠤ ᠪᠤᠯᠳᠠᠭ᠃ ᠨᠤᠮ ᠤᠩᠰᠢᠵᠤ | ᠠᠶᠢᠯᠠᠳᠬᠠᠬᠤ ᠳᠤ ᠬᠡᠷ ᠤᠨ ᠬᠦᠮᠦᠰ ᠨᠢ ᠭᠠᠵᠠᠷ ᠰᠦᠬᠦᠳᠴᠦ ᠨᠠᠮᠠᠨᠴᠢᠯᠠᠨ ᠵᠠᠯᠪᠠᠷᠢᠨ᠎ᠠ᠃ | ᠤᠷᠤᠰᠢᠭᠤᠯᠭ᠎ᠠ ᠶᠢᠨ ᠡᠮᠦᠨ᠎ᠡ ᠰᠦᠨᠢ ᠬᠡᠷ ᠪᠦᠯᠢ ᠶᠢᠨ ᠬᠢᠨ ᠪᠠ ᠭᠠᠰᠢᠭᠤᠳᠠᠯ ᠳᠤ ᠢᠷᠡᠭᠰᠡᠳ | ᠰᠦᠨᠢᠵᠢᠯᠡᠨ ᠤᠨᠳᠠᠯ ᠦᠬᠡᠢ ᠴᠢᠨᠳᠠᠷ ᠢ ᠰᠠᠬᠢᠵᠤ᠂ ︽ᠴᠠᠭᠠᠨ ᠳ᠋ᠠᠷ᠎ᠠ ᠡᠬᠡ︾᠂ ︽ᠨᠤᠭᠤᠭᠠᠨ ᠳ᠋ᠡᠷᠡ ᠡᠬᠡ︾᠂ | ︽ᠮᠤᠯᠤᠨ ᠲᠤᠶᠢᠨ ᠤ ᠮᠠᠨᠢ︾ ᠵᠡᠷᠭᠡ ᠮᠠᠨᠢ ᠮᠡᠭᠵᠡᠮ ᠤᠩᠰᠢᠵᠤ ᠰᠠᠭᠤᠳᠠᠭ ᠃ ᠰᠦᠨᠢ ᠲᠤᠮᠳᠠ ᠬᠦᠷᠬᠦ ᠳᠤ | ᠰᠢᠷᠡᠭᠡ ᠪᠠᠷᠢᠭᠰᠠᠨ ᠲᠠᠬᠢᠯ ᠤᠨ ᠶᠠᠭᠤᠮ᠎ᠠ ᠶᠢ ᠬᠤᠷᠢᠶᠠᠵᠤ᠂ ᠴᠢᠨᠳᠠᠷ ᠰᠠᠬᠢᠭᠰᠠᠳ ᠲᠤ ᠢᠳᠡᠬᠦᠯᠦᠨ ᠂ ᠲᠠᠪᠠᠭ | ᠲᠠᠢ ᠲᠠᠬᠢᠯ ᠪᠠ ᠵᠤᠯᠠ ᠬᠦᠵᠢ ᠶᠢ ᠯᠠ ᠦᠯᠡᠳᠡᠭᠡᠨ᠎ᠡ᠃ | ᠴᠢᠨᠳᠠᠷ ᠢ ᠭᠠᠷᠭᠠᠬᠤ ᠳᠤ ᠡᠷᠭᠡᠪᠰᠢ ᠲᠤᠭᠳᠠᠭᠰᠠᠨ ᠴᠠᠭ ᠢ ᠴᠢᠩᠭ᠎ᠠ ᠪᠠᠷᠢᠮᠳᠠᠯᠠᠬᠤ ᠭᠡᠷᠡᠭᠳᠡᠢ ᠃ ᠤᠷᠢᠳᠤ | ᠳᠠᠭᠠᠨ ᠪᠤᠯ ᠮᠤᠩᠭᠤᠯ ᠭᠡᠷ ᠤᠨ ᠪᠠᠷᠠᠭᠤᠨ ᠡᠮᠦᠨ᠎ᠡ ᠬᠠᠨ᠎ᠠ ᠶᠢ ᠡᠷᠬᠦᠵᠦ᠂ ᠬᠠᠶᠠᠭ᠎ᠠ ᠪᠠᠷ ᠰᠢᠷᠭᠤᠭᠤᠯᠤᠨ ᠭᠠᠷᠭᠠᠵᠤ᠂ | ᠪᠠᠶᠢᠰᠢᠩ ᠭᠡᠷ ᠪᠤᠯ ᠴᠤᠩᠬᠤ ᠪᠠᠷ ᠭᠠᠷᠭᠠᠳᠠᠭ᠃ ᠲᠡᠭᠡᠬᠦ ᠳᠡᠭᠡᠨ ᠡᠷᠭᠡᠪᠰᠢ ᠬᠦᠯ ᠢᠶᠠᠷ ᠨᠢ ᠭᠠᠷᠭᠠᠬᠤ ᠭᠡᠷᠡᠭᠳᠡᠢ ᠂ | ᠡᠨᠡ ᠨᠢ ᠬᠦᠯ ᠢᠶᠠᠷ ᠢᠶᠠᠨ ᠶᠠᠪᠤᠵᠤ ᠪᠠᠶᠢᠨ᠎ᠠ ᠭᠡᠰᠡᠨ ᠰᠠᠨᠠᠭ᠎ᠠ ᠶᠤᠮ᠃ ᠤᠷᠤᠰᠢᠭᠤᠯᠭ᠎ᠠ ᠶᠢᠨ ᠭᠠᠵᠠᠷ ᠲᠤ ᠶᠠᠪᠤᠬᠤ | ᠳᠠᠭᠠᠨ ᠴᠢᠨᠳᠠᠷ ᠢ ᠬᠠᠩᠭᠠᠢ ᠲᠡᠷᠭᠡᠨ ᠳᠤ ᠬᠤᠶᠢᠰᠢ ᠬᠠᠨᠳᠤᠭᠤᠯᠤᠨ ᠲᠡᠭᠡᠭᠡᠵᠦ᠂ ᠴᠠᠭᠠᠨ ᠬᠠᠳᠠᠭ ᠪᠤᠶᠤ ᠨᠤᠤᠰᠤᠨ | ᠤᠶᠠᠭ᠎ᠠ ᠪᠠᠷ ᠤᠶᠠᠭᠠᠳ᠂ ᠲᠡᠷᠭᠡ ᠶᠢ ᠡᠮᠡᠬᠡᠯᠳᠦ ᠮᠤᠷᠢᠨ ᠤ ᠡᠮᠡᠭᠡᠯ ᠤᠨ ᠪᠦᠬᠦᠷᠭᠡ ᠠᠴᠠ ᠭᠤᠬᠠᠳᠠᠵᠤ ᠂ ᠮᠤᠷᠢᠨ | ᠤ ᠱᠤᠭᠰᠢᠭ᠎ᠠ ᠪᠠᠷ ᠶᠠᠪᠤᠳᠠᠭ ᠪᠠᠶᠢᠨ᠎ᠠ᠃ ᠡᠬᠦᠨ ᠢ ᠮᠤᠷᠢᠨ ᠲᠡᠷᠭᠡ ᠪᠠᠷ ᠶᠠᠪᠤᠯ᠎ᠠ ᠬᠡᠵᠦ ᠬᠡᠯᠡᠳᠡᠭ᠃ ᠴᠢᠨᠳᠠᠷ | ᠬᠠᠮᠢᠭ᠎ᠠ ᠭᠤᠯᠭᠤᠵᠤ ᠪᠠᠭᠤᠪᠠᠯ ᠲᠠᠷᠤᠢ ᠲᠡᠷᠡ ᠭᠠᠵᠠᠷ ᠲᠤᠨᠢ ᠤᠷᠬᠢᠵᠤ ᠬᠦᠳᠡᠭᠡᠯᠡᠬᠦ ᠪᠤᠯᠤᠨ᠎ᠠ᠃ ᠡᠨᠡ ᠬᠦ᠋ | ᠵᠠᠩ ᠦᠢᠯᠡ ᠲᠠᠶᠢᠹᠤᠰᠧ ᠨᠤᠳᠤᠭ ᠲᠤ ᠬᠤᠷᠢᠳᠤᠭᠠᠷ ᠵᠠᠭᠤᠨ ᠤ ᠭᠤᠴᠢᠭᠠᠳ ᠤᠨ ᠬᠦᠷᠳᠡᠯ᠎ᠡ ᠦᠷᠬᠦᠯᠵᠢᠯᠡᠵᠦ | ᠪᠠᠶᠢᠵᠠᠢ᠃ ᠲᠠᠭᠠᠭᠠᠭᠰᠠᠨ ᠯᠠᠮᠠ ᠨᠢ ᠲᠡᠷᠡ ᠭᠠᠵᠠᠷ ᠲᠤ ᠤᠯᠪᠤᠭ ᠲᠡᠪᠢᠰᠴᠦ ᠵᠠᠪᠢᠯᠠᠨ ᠰᠠᠭᠤᠭᠠᠳ᠂ ᠨᠤᠮ | ᠤᠩᠰᠢᠵᠤ ᠶᠤᠰᠤ ᠶᠢ ᠬᠦᠢᠴᠡᠳᠭᠡᠭᠰᠡᠨ ᠤ ᠲᠠᠷᠠᠭ᠎ᠠ ᠭᠡᠷ ᠵᠦᠭ ᠢᠶᠠᠨ ᠪᠤᠴᠠᠨ᠎ᠠ᠃ ᠵᠠᠮ ᠤᠭᠳᠤᠯᠪᠠᠯ ᠴᠠᠭᠠᠰᠤᠨ | ᠵᠤᠭᠤᠰ ᠬᠠᠶᠠᠵᠤ ᠵᠠᠮ ᠭᠤᠶᠤᠳᠠᠭ ᠵᠠᠩᠰᠢᠯ ᠲᠠᠢ᠃ ᠬᠦᠳᠡᠭᠡᠯᠡᠬᠦ ᠪᠠᠷ ᠶᠠᠪᠤᠬᠤ ᠳᠤ ᠡᠮᠡᠭᠳᠡᠢ ᠬᠦᠮᠦᠨ ᠶᠠᠪᠤᠳᠠᠭ | ᠦᠬᠡᠢ ᠪᠦᠬᠡᠳ ᠦᠯᠡᠳᠡᠵᠦ ᠦᠳᠡᠬᠦ ᠬᠦᠮᠦᠰ ᠪᠤᠤᠪᠤ ᠴᠠᠭᠠᠨ ᠢᠳᠡᠭᠡ ᠲᠠᠪᠠᠭᠯᠠᠵᠤ᠂ ᠨᠦᠭᠴᠢᠭᠴᠢ ᠶᠢᠨ ᠭᠡᠷᠡᠭᠯᠡᠵᠦ | ᠪᠠᠶᠢᠭᠰᠠᠨ ᠡᠷᠢᠬᠡ ᠬᠦᠬᠦᠷ ᠵᠡᠷᠭᠡ ᠶᠢ ᠪᠠᠷᠢᠵᠤ᠂ ᠲᠠᠯᠠᠯᠭ᠎ᠠ ᠠᠪᠤᠨ ᠬᠤᠷᠤᠶᠢᠯᠠᠵᠤ ᠬᠤᠴᠤᠷᠳᠠᠭ᠃ | ᠡᠬᠦᠨ ᠠᠴᠠ ᠭᠠᠳᠠᠨ᠎ᠠ᠂ ᠭᠠᠵᠠᠷ ᠢᠶᠠᠨ ᠲᠤᠭᠳᠠᠵᠤ ᠬᠦᠳᠡᠭᠡᠯᠡᠬᠦ ᠶᠠᠪᠤᠳᠠᠯ ᠴᠤ ᠪᠤᠢ᠃ ᠲᠤᠬᠠᠶᠢᠯᠠᠪᠠᠯ᠂ | ᠬᠦᠳᠡᠭᠡᠯᠡᠬᠦ ᠭᠠᠵᠠᠷ ᠢ ᠲᠠᠭᠠᠭᠠᠭᠰᠠᠨ ᠯᠠᠮᠠ ᠨᠢ ᠤᠷᠤᠰᠢᠭᠤᠯᠭ᠎ᠠ ᠠᠴᠠ ᠡᠮᠦᠨ᠎ᠡ ᠦᠵᠡᠵᠦ ᠲᠤᠭᠳᠠᠭᠠᠨ᠎ᠠ᠃ ᠭᠠᠵᠠᠷ ᠢ | ᠰᠠᠶᠢᠳᠤᠷ ᠰᠤᠩᠭᠤᠬᠤ ᠦᠬᠡᠢ ᠪᠤᠯ ᠠᠮᠢ ᠨᠠᠰᠤᠨ ᠳᠤ ᠴᠦᠪ ᠲᠠᠢ᠂ ᠡᠳ᠋ ᠮᠠᠯ ᠳᠤ ᠭᠠᠢ ᠲᠠᠢ ᠬᠡᠵᠦ ᠶᠡᠬᠡᠳᠡ | ᠬᠢᠴᠢᠶᠡᠳᠡᠭ ᠃ ᠶᠡᠷᠦᠩᠬᠡᠢ ᠳᠡᠭᠡᠨ ᠲᠦᠰᠢᠯᠭᠡ ᠲᠠᠢ᠂ ᠵᠢᠬᠢᠯᠭᠡ ᠲᠠᠢ᠂ ᠨᠠᠷᠠ ᠲᠠᠢ ᠲᠡᠯᠬᠡᠬᠦᠦ ᠭᠠᠵᠠᠷ ᠢ | ᠰᠤᠩᠭᠤᠨ᠎ᠠ᠃ ᠲᠡᠭᠡᠬᠦ ᠳᠡᠭᠡᠨ ᠴᠠᠭᠠᠨ ᠢᠰᠡᠭᠡᠢ ᠶᠢᠨ ᠬᠡᠮᠵᠢᠶ᠎ᠡ ᠪᠠᠷ ᠭᠠᠵᠠᠷ ᠯᠤᠤᠰ ᠠᠴᠠ ᠭᠠᠵᠠᠷ ᠬᠤᠳᠠᠯᠳᠤᠨ | ᠠᠪᠤᠨ᠎ᠠ ᠬᠡᠮᠡᠨ ᠪᠠᠷᠰ ᠢᠷᠪᠢᠰ ᠤᠨ ᠠᠷᠠᠰᠤ᠂ ᠭᠠᠵᠠᠷ ᠤᠨ ᠪᠠᠷᠢᠴᠠ ᠶᠢᠨ ᠮᠦᠩᠬᠦ ᠵᠡᠷᠭᠡ ᠶᠢᠰᠦ ᠶᠢᠰᠦ ᠶᠢᠨ ᠲᠤᠭ᠎ᠠ | ᠬᠡᠮᠡᠨ ᠠᠮᠠᠯᠠᠵᠤ ᠭᠠᠵᠠᠷ ᠠᠪᠬᠤ ᠶᠤᠰᠤ ᠶᠢ ᠬᠦᠢᠴᠡᠳᠭᠡᠬᠦ ᠪᠦᠬᠡᠳ ᠢᠰᠡᠭᠡᠢ ᠶᠢᠨ ᠬᠡᠮᠵᠢᠶ᠎ᠡ ᠪᠠᠷ ᠭᠠᠵᠠᠷ ᠢᠶᠠᠨ | ᠤᠷᠤᠩᠭᠤ ᠶᠢᠨ ᠡᠪᠡᠷ ᠢᠶᠠᠷ ᠵᠢᠷᠤᠵᠤ ᠲᠡᠮᠳᠡᠭᠯᠡᠵᠦ ᠠᠪᠳᠠᠭ ᠪᠠᠶᠢᠨ᠎ᠠ᠃ ᠡᠷᠬᠦᠴᠡ ᠶᠢᠨ ᠬᠡᠮᠵᠢᠶ᠎ᠡ ᠠᠶᠢᠯ ᠠᠶᠢᠯ ᠤᠨ | ᠬᠢᠷᠢ ᠴᠢᠳᠠᠯ ᠢᠶᠠᠷ ᠪᠤᠯᠤᠨ᠎ᠠ᠃ | ᠤᠷᠤᠰᠢᠭᠤᠯᠭ᠎ᠠ ᠶᠢᠨ ᠭᠠᠵᠠᠷ ᠲᠤ ᠬᠦᠷᠦᠭᠡᠳ᠂ ᠴᠢᠨᠳᠠᠷ ᠢ ᠬᠦᠯ ᠢᠶᠠᠷ ᠨᠢ ᠪᠠᠭᠤᠯᠭᠠᠵᠤ᠂ ᠲᠤᠯᠤᠭᠠᠢ ᠶᠢ | ᠨᠢ ᠬᠤᠶᠢᠰᠢ ᠬᠠᠨᠳᠤᠭᠤᠯᠤᠨ᠂ ᠲᠤᠯᠤᠭᠠᠢ ᠲᠤᠤᠷ᠎ᠠ ᠨᠢ ᠴᠠᠭᠠᠨ ᠬᠠᠳᠠᠭ ᠢᠶᠠᠷ ᠪᠤᠭᠤᠭᠰᠠᠨ ᠮᠠᠨᠢ ᠶᠢᠨ ᠦᠰᠦᠭ ᠲᠠᠢ | ᠬᠠᠪᠳᠠᠭᠠᠢ ᠴᠢᠯᠠᠭᠤ ᠲᠡᠷᠡᠯᠡᠬᠦᠯᠵᠦ ᠲᠡᠭᠰᠢᠬᠡᠨ ᠲᠠᠯᠪᠢᠨ᠎ᠠ᠃ ᠲᠡᠶᠢᠮᠦ ᠠᠴᠠ ᠨᠠᠰᠤ ᠨᠦᠭᠴᠢᠬᠦ ᠶᠢ ᠪᠠᠰᠠ ︽ | ᠴᠢᠯᠠᠭᠤ ᠲᠡᠷᠡᠯᠡᠬᠦ︾ ᠭᠡᠳᠡᠭ ᠬᠡᠯᠡᠯᠬᠡ ᠪᠤᠢ ᠪᠤᠯᠵᠠᠢ᠃ ᠲᠠᠭᠠᠭᠠᠭᠰᠠᠨ ᠯᠠᠮᠠ ᠳᠤ ᠵᠢᠵᠢᠭ ᠮᠤᠳᠤᠨ ᠯᠠᠩᠳᠤ ᠰᠦᠬᠡ | ᠵᠡᠷᠭᠡ ᠤᠯᠠᠨ ᠭᠡᠷᠡᠭᠰᠡᠯ ᠪᠠᠶᠢᠵᠤ᠂ ᠲᠡᠬᠦᠪᠡᠷ ᠢᠶᠠᠨ ᠭᠠᠵᠠᠷ ᠲᠤᠭᠰᠢᠵᠤ ᠲᠤᠮ ᠬᠢᠵᠦ ᠤᠷᠤᠰᠢᠭᠤᠯᠳᠠᠭ᠃ ᠤᠳᠤ ᠡᠨᠡ | ᠶᠤᠰᠤ ᠶᠢ ᠮᠡᠳᠡᠬᠦ ᠬᠦᠮᠦᠨ ᠠᠯᠠᠭ᠎ᠠ ᠪᠤᠯᠵᠠᠢ᠃ ᠯᠠᠮᠠ ᠨᠠᠷ ᠲᠤᠯᠤᠭᠠᠢ ᠶᠢᠨ ᠬᠠᠪᠢ ᠳᠤ ᠰᠠᠭᠤᠵᠤ ᠤᠷᠤᠰᠢᠭᠤᠯᠭ᠎ᠠ | ᠶᠢᠨ ᠨᠤᠮ ᠤᠩᠰᠢᠬᠤ ᠪᠠ ᠬᠡᠦᠭᠡᠳ ᠲᠡᠬᠦᠦᠨᠡᠷ᠂ ᠲᠤᠤᠷ᠎ᠠ ᠦᠶ᠎ᠡ ᠶᠢᠨ ᠬᠦᠮᠦᠰ ᠬᠦᠯ ᠤᠨ ᠬᠢᠨᠢ ᠲᠠᠯ᠎ᠠ ᠳᠤ | ᠰᠦᠬᠦᠳᠦᠨ ᠮᠦᠷᠬᠦᠵᠦ᠂ ᠤᠷᠤᠰᠢᠭᠤᠯᠭ᠎ᠠ ᠳᠤ ᠤᠴᠢᠭᠰᠠᠨ ᠪᠦᠬᠦᠨ ᠴᠢᠨᠳᠠᠷ ᠲᠤ ᠰᠠᠯᠬᠤ ᠶᠤᠰᠤ | ᠬᠦᠢᠴᠡᠳᠭᠡᠨ᠎ᠡ᠃ | ᠤᠷᠤᠰᠢᠭᠤᠯᠭ᠎ᠠ ᠲᠡᠭᠦᠰᠦᠭᠡᠳ ᠪᠤᠴᠠᠬᠤ ᠳᠠᠭᠠᠨ᠂ ᠢᠷᠡᠭᠰᠡᠨ ᠮᠦᠷ ᠢᠶᠠᠨ ᠪᠤᠷᠤᠭᠤᠯᠠᠵᠤ᠂ ᠪᠤᠴᠠᠵᠤ ᠬᠠᠷᠠᠯ | ᠦᠬᠡᠢ ᠶᠠᠪᠤᠨ᠎ᠠ᠃ ᠢᠩᠬᠢᠪᠡᠯ ᠨᠦᠭᠴᠢᠭᠰᠡᠨ ᠬᠦᠮᠦᠨ ᠤ ᠰᠦᠨᠡᠰᠦ ᠮᠦᠷ ᠲᠠᠭᠠᠵᠤ ᠪᠤᠴᠠᠬᠤ ᠦᠬᠡᠢ ᠲᠦᠭᠡᠷᠢᠭᠡᠳ | ᠂ ᠤᠴᠢᠬᠤ ᠭᠠᠵᠠᠷ ᠲᠠᠭᠠᠨ ᠰᠢᠭᠤᠳ ᠤᠴᠢᠨ᠎ᠡ ᠭᠡᠰᠡᠨ ᠰᠠᠨᠠᠭ᠎ᠠ ᠲᠠᠢ᠃ ᠴᠢᠨᠳᠠᠷ ᠲᠡᠭᠡᠭᠡᠭᠰᠡᠨ ᠲᠡᠷᠭᠡ ᠪᠠᠨ ᠭᠡᠷ | ᠤᠨ ᠠᠷᠤ ᠪᠤᠶᠤ ᠬᠦᠷᠢᠶ᠎ᠡ ᠬᠠᠰᠢᠶᠠᠨ ᠤ ᠠᠷᠤ ᠳᠤ ᠪᠤᠯᠤ ᠶᠢ ᠨᠢ ᠲᠡᠭᠡᠭᠰᠢ ᠬᠠᠨᠳᠤᠭᠤᠯᠤᠨ ᠲᠠᠯᠪᠢᠵᠤ᠂ ᠤᠨᠤᠭᠰᠠᠨ | ᠮᠤᠷᠢᠨ ᠤ ᠮᠤᠨᠳᠠᠭ᠎ᠠ ᠲᠡᠭᠡᠷ᠎ᠡ ᠴᠠᠭᠠᠨ ᠬᠠᠳᠠᠭ ᠤᠶᠠᠵᠤ ᠰᠦᠷᠦᠭ ᠲᠤᠨᠢ ᠲᠠᠯᠪᠢᠭᠠᠳ᠂ ᠲᠦᠴᠢ ᠶᠢᠰᠦᠨ ᠬᠤᠨᠤᠭ | ᠤᠨ ᠲᠤᠭ᠎ᠠ ᠬᠦᠢᠴᠡᠭᠰᠡᠨ ᠤ ᠲᠠᠷᠠᠭ᠎ᠠ ᠰᠠᠶ᠋ᠢ ᠭᠡᠷᠡᠭᠯᠡᠵᠦ ᠪᠤᠯᠤᠨ᠎ᠠ᠃ ᠬᠦᠳᠡᠭᠡᠯᠡᠬᠦ ᠪᠠᠷ ᠶᠠᠪᠤᠭᠰᠠᠨ ᠬᠦᠮᠦᠰ ᠪᠤᠴᠠᠵᠤ | ᠢᠷᠡᠬᠦ ᠳᠤ ᠭᠡᠷ ᠤᠷᠤᠨ ᠢ ᠪᠦᠷ ᠰᠠᠶᠢᠬᠠᠨ ᠴᠡᠪᠡᠷᠯᠡᠵᠦ᠂ ᠬᠦᠵᠢ ᠠᠷᠴᠠ ᠪᠠᠷ ᠠᠷᠢᠭᠤᠯᠤᠭᠠᠳ᠂ ᠡᠬᠦᠳᠡᠨ ᠳᠤ | ᠲᠦᠩᠪᠦ ᠲᠠᠢ ᠰᠦᠯᠡᠭᠰᠡᠨ ᠤᠰᠤ ᠪᠠ ᠬᠤᠪᠢᠩ ᠲᠠᠢ ᠤᠩᠭᠠᠰᠤᠭᠰᠠᠨ ᠠᠷᠭᠠᠯ ᠲᠠᠯᠪᠢᠵᠤ᠂ ᠪᠤᠴᠠᠵᠤ ᠢᠷᠡᠭᠰᠡᠨ | ᠬᠦᠮᠦᠰ ᠷᠠᠰᠢᠶᠠᠨ ᠤᠰᠤ ᠪᠠᠷ ᠭᠠᠷ ᠨᠢᠭᠤᠷ ᠢᠶᠠᠨ ᠤᠬᠢᠶᠠᠵᠤ᠂ ᠤᠳᠤᠭ᠎ᠠ ᠲᠠᠢ ᠭᠠᠯ ᠳᠤ ᠪᠡᠶ᠎ᠡ ᠪᠠᠨ | ᠠᠷᠢᠭᠤᠯᠠᠨ᠎ᠠ᠃ ᠲᠡᠭᠡᠭᠡᠳ ᠢᠷᠡᠭᠰᠡᠨ ᠬᠦᠮᠦᠰ ᠲᠤ ᠪᠤᠶᠠᠨ ᠤ ᠬᠤᠭᠤᠯᠨ ︵ᠲᠤᠬᠤᠸᠠ ᠭᠡᠭᠴᠢ ᠪᠤᠷᠠᠮ ᠰᠢᠷ᠎ᠠ | ᠲᠤᠰᠤ ᠲᠠᠢ ᠦᠵᠦᠮ ᠴᠢᠪᠠᠭ᠎ᠠ ᠬᠤᠯᠢᠵᠤ ᠵᠢᠭᠤᠷᠠᠭᠰᠠᠨ ᠴᠠᠭᠠᠨ ᠪᠤᠳᠠᠭ᠎ᠠ︶ ᠢᠳᠡᠬᠦᠯᠵᠦ᠂ ᠲᠠᠭᠠᠭᠠᠭᠰᠠᠨ ᠯᠠᠮᠨ | ᠳᠠᠭᠠᠨ ᠡᠷᠬᠦᠴᠡ ᠪᠠᠷᠢᠴᠠ ᠪᠠᠨ ᠪᠠᠷᠢᠵᠤ᠂ ᠭᠠᠰᠢᠭᠤᠳᠠᠯ ᠳᠤ ᠢᠷᠡᠭᠰᠡᠨ ᠬᠦᠮᠦᠨ ᠨᠢᠭᠡᠪᠦᠷᠢ ᠳᠤ ᠲᠠᠬᠢᠯᠭ᠎ᠠ | ᠶᠢᠨ ᠢᠳᠡᠭᠡᠨ ᠠᠴᠠ ᠲᠦᠭᠡᠭᠡᠵᠦ ᠦᠭᠳᠡᠭ᠃ | ᠤᠷᠤᠰᠢᠭᠤᠯᠭ᠎ᠠ ᠲᠡᠬᠦᠰᠪᠡᠯ ᠨᠢᠬᠡ ᠯᠠᠮᠠ ᠦᠯᠡᠳᠡᠵᠦ ᠬᠤᠨᠤᠭ ᠬᠦᠬᠡᠬᠡᠬᠦ ᠬᠡᠵᠦ ᠲᠦᠴᠢ ᠶᠢᠰᠦᠨ ᠬᠤᠨᠤᠭ | ᠡᠷᠬᠢᠯᠳᠡ ᠶᠢᠨ ᠨᠤᠮ ᠪᠠ ᠢᠷᠦᠭᠡᠯ ᠤᠩᠰᠢᠭᠠᠳ ᠴᠠᠭ᠎ᠠ ᠪᠠᠨ ᠲᠠᠶᠢᠯᠤᠨ᠎ᠠ᠃ ᠮᠦᠨ ᠲᠤᠯᠤᠭᠠᠨ ᠬᠤᠨᠤᠭ ᠪᠤᠶᠤ | ᠬᠤᠷᠢᠨ ᠨᠢᠬᠡᠨ ᠬᠤᠨᠤᠭ᠂ ᠴᠢᠨᠠᠭᠰᠢᠯᠠᠭᠠᠳ ᠵᠠᠭᠤᠨ ᠬᠤᠨᠤᠭ ᠤᠨ ᠴᠠᠭ᠎ᠠ ᠬᠢᠳᠡᠭ ᠴᠤ ᠪᠤᠢ᠃ ᠡᠨᠡ | ᠬᠤᠭᠤᠴᠠᠭᠠᠨ ᠳᠤ ᠬᠤᠷᠢᠮ ᠨᠠᠶᠢᠷ ᠲᠤ ᠤᠷᠤᠬᠤ ᠦᠬᠡᠢ᠂ ᠦᠰᠦ ᠬᠡᠵᠢᠬᠡ ᠪᠠᠨ ᠱᠦᠬᠦᠷᠳᠡᠬᠦ ᠦᠬᠡᠢ᠂ ᠰᠠᠬᠠᠯ | ᠦᠰᠦ ᠪᠠᠨ ᠬᠤᠰᠤᠬᠤ ᠦᠬᠡᠢ ᠪᠠᠶᠢᠵᠤ᠂ ᠲᠠᠭᠤᠯᠠᠵᠤ ᠭᠡᠩᠰᠢᠬᠦ ᠶᠢ ᠴᠡᠭᠡᠷᠯᠡᠨ᠂ ᠪᠤᠶᠠᠨ ᠦᠢᠯᠡᠳᠬᠦ ᠠᠴᠠ ᠦᠬᠡᠷ᠎ᠡ | ᠶᠠᠭᠤᠮ᠎ᠠ ᠶᠢ ᠭᠠᠳᠠᠭᠰᠢ ᠭᠠᠷᠭᠠᠬᠤ ᠶᠢ ᠴᠡᠭᠡᠷᠯᠡᠳᠡᠭ ᠪᠠᠶᠢᠪᠠ᠃ ᠴᠠᠭ᠎ᠠ ᠬᠢᠬᠦ ᠳᠤ ᠲᠡᠭᠡᠷ᠎ᠡ ᠦᠶ᠎ᠡ ᠶᠢᠨ ᠬᠦᠮᠦᠰ | ᠲᠤᠤᠷ᠎ᠠ ᠦᠶ᠎ᠡ ᠳᠡᠭᠡᠨ ᠴᠠᠭᠠᠯᠠᠳᠠᠭ ᠦᠬᠡᠢ᠃ | ᠤᠷᠤᠰᠢᠭᠤᠯᠤᠭᠰᠠᠨ ᠤ ᠲᠠᠷᠠᠭ᠎ᠠ ᠭᠤᠷᠪᠠᠨ ᠬᠤᠨᠤᠭ ᠲᠡᠭᠡᠷ᠎ᠡ ᠨᠢ ᠡᠷᠬᠢᠵᠦ ᠦᠵᠡᠳᠡᠭ ᠪᠦᠬᠡᠳ ︽ᠲᠡᠭᠷᠢ | ᠶᠢᠨ ᠨᠤᠬᠠᠢ︾ ᠪᠤᠶᠤ ᠮᠢᠬᠠᠴᠢᠨ ᠰᠢᠪᠠᠭᠤ ᠢᠳᠡᠵᠦ ᠴᠡᠪᠡᠷᠯᠡᠭᠰᠡᠨ ᠪᠤᠯ ᠰᠦᠨᠡᠰᠦ ᠨᠢ ᠬᠤᠷᠭᠤᠳᠠᠬᠤ ᠶᠠᠭᠤᠮ᠎ᠠ | ᠦᠬᠡᠢ ᠲᠤᠨᠢᠯᠵᠠᠢ ᠬᠡᠵᠦ ᠪᠠᠶᠠᠷᠯᠠᠨ᠂ ᠪᠦᠳᠦᠨ ᠢᠶᠠᠷ ᠢᠶᠠᠨ ᠪᠠᠶᠢᠪᠠᠯ ᠶᠠᠮᠠᠷ ᠨᠢᠬᠡᠨ ᠶᠠᠭᠤᠮᠠᠨ ᠳᠤ ᠬᠤᠷᠭᠤᠳᠠᠵᠤ | ᠭᠤᠮᠤᠳᠠᠯ ᠲᠠᠢ ᠪᠠᠶᠢᠨ᠎ᠠ ᠬᠡᠮᠡᠨ ᠯᠠᠮᠠ ᠵᠠᠯᠠᠵᠤ ᠨᠤᠮ ᠤᠩᠰᠢᠭᠤᠯᠤᠨ ᠲᠤᠮ ᠬᠢᠳᠡᠭ ᠪᠠᠶᠢᠨ᠎ᠠ᠃ ᠡᠷᠳᠡ ᠦᠶ᠎ᠡ | ᠳᠡᠭᠡᠨ ᠲᠠᠶᠢᠹᠤᠰᠧ ᠵᠡᠬᠦᠨ ᠭᠠᠷ ᠤᠨ ᠮᠤᠩᠭᠤᠯᠴᠤᠳ ᠨᠦᠭᠴᠢᠭᠰᠡᠨ ᠬᠦᠮᠦᠨ ᠢᠶᠠᠨ ᠤᠯᠠᠩᠬᠢ ᠳᠠᠭᠠᠨ ᠪᠠᠷᠳᠠᠭ᠎ᠠ | ᠶᠡᠬᠡᠳᠡᠢ᠂ ᠠᠮᠢᠳᠠᠨ ᠠᠷᠢᠶᠠᠳᠠᠨ ᠤᠷᠤᠩᠨᠠᠭᠰᠠᠨ ︽ᠪᠡᠷᠭᠡ ᠶᠢᠨ ᠠᠭᠤᠯᠠᠨ︾ ᠳᠤ ᠬᠦᠳᠡᠭᠡᠯᠡᠳᠡᠭ ᠪᠠᠶᠢᠪᠠ᠃ | ᠡᠬᠦᠨ ᠠᠴᠠ ᠭᠠᠳᠠᠨ᠎ᠠ᠂ ᠰᠦᠰᠦᠭ ᠪᠢᠰᠢᠷᠡᠯ ᠶᠡᠭᠡᠳᠡᠢ ᠠᠶᠢᠯ ᠪᠤᠯ ᠬᠤᠨᠤᠭ ᠬᠦᠢᠴᠡᠭᠰᠡᠨ ᠤ ᠲᠠᠷᠠᠭ᠎ᠠ ᠪᠠᠰᠠ | ᠨᠦᠩᠨᠡᠢ ᠰᠠᠭᠤᠯᠭᠠᠨ᠎ᠠ᠃ ᠨᠦᠩᠨᠡᠢ ᠰᠠᠭᠤᠬᠤ ᠪᠤᠯ ᠨᠦᠭᠴᠢᠭᠴᠢ ᠶᠢᠨ ᠰᠦᠨᠡᠰᠦ ᠶᠢ ᠠᠷᠢᠶᠠᠪᠠᠯᠤ ᠳᠤ ᠲᠠᠭᠠᠳᠬᠠᠵᠤ | ᠪᠠᠶᠢᠭ᠎ᠠ ᠶᠠᠪᠤᠳᠠᠯ ᠪᠤᠯᠤᠨ᠎ᠠ᠃ ᠠᠷᠢᠶᠠᠪᠠᠯᠤ ᠮᠢᠩᠭᠠᠨ ᠮᠤᠳᠤᠷ ᠲᠠᠢ ᠲᠤᠯᠠ ᠨᠦᠭᠴᠢᠭᠰᠡᠨ ᠬᠦᠮᠦᠨ ᠤ ᠰᠦᠨᠡᠰᠦ ᠶᠢ | ᠲᠠᠮᠤ ᠳᠤ ᠤᠨᠠᠭᠠᠬᠤ ᠦᠬᠡᠢ ᠠᠪᠴᠤ ᠴᠢᠳᠠᠳᠠᠭ ᠭᠡᠨ᠎ᠡ᠃ ᠨᠦᠩᠨᠡᠢ ᠳᠤ ᠰᠠᠭᠤᠭᠰᠠᠨ ᠯᠠᠮᠠ ᠠᠷᠢᠶᠠᠪᠠᠯᠤ ᠶᠢᠨ ︽ | ᠨᠦᠩᠨᠡᠢ ᠶᠢᠨ ᠴᠤᠭᠭᠠ︾ ᠶᠢ ᠤᠩᠰᠢᠵᠤ ᠪᠠᠷᠠᠪᠠᠯ ᠢᠷᠦᠬᠡᠯ ᠤᠩᠰᠢᠨ᠎ᠠ᠃ ᠨᠦᠩᠨᠡᠢ ᠳᠤ ᠰᠠᠭᠤᠭᠰᠠᠨ ᠡᠳᠦᠷ ᠤᠨ | ᠦᠳᠡ ᠳᠤ ᠯᠠᠮᠠ ᠴᠠᠪ ᠪᠠᠷᠢᠪᠠᠯ ᠤᠷᠤᠢ ᠨᠢ ᠴᠠᠪ ᠦᠬᠡᠢ᠃ ᠮᠠᠷᠭᠠᠰᠢ ᠠᠴᠠ ᠨᠢ ᠪᠦᠬᠦᠯᠢ ᠬᠤᠨᠤᠭ ᠲᠠᠭᠤ ᠦᠬᠡᠢ | ᠰᠠᠭᠤᠨ᠎ᠠ᠃ ᠭᠤᠷᠪᠠᠳᠤᠭᠠᠷ ᠡᠳᠦᠷ ᠤᠨ ᠬᠢᠨᠢ ᠦᠷᠯᠦᠬᠡ ᠡᠷᠳᠡ ᠨᠦᠩᠨᠡᠢ ᠲᠠᠶᠢᠯᠬᠤ ᠳᠤ ᠭᠡᠷ ᠤᠨ ᠡᠵᠡᠨ ᠨᠢ ᠯᠠᠮᠠ | ᠳᠤ ᠮᠦᠷᠬᠦᠨ ᠮᠡᠨᠳᠦᠯᠡᠬᠡᠳ᠂ ᠰᠢᠷ᠎ᠠ ᠲᠤᠰᠤ ᠪᠤᠷᠠᠮ ᠲᠠᠢ ᠭᠤᠯᠢᠷᠳᠠᠭᠰᠠᠨ ᠴᠠᠢ ︵ᠵᠤᠳᠤᠩ︶ ᠪᠠᠷᠢᠵᠤ ᠲᠠᠷᠠᠭ᠎ᠠ ᠨᠢ | ᠴᠠᠪ ᠪᠠᠷᠢᠨ᠎ᠠ᠃ ᠨᠦᠩᠨᠡᠢ ᠶᠢ ᠰᠦᠮ᠎ᠡ ᠬᠡᠶᠢᠳ ᠲᠤ ᠨᠠᠶᠢᠳᠠᠵᠤ ᠡᠷᠬᠦᠴᠡ ᠪᠠᠷᠢᠴᠠ ᠦᠭᠴᠦ ᠰᠠᠭᠤᠯᠭᠠᠳᠠᠭ ᠴᠤ | ᠪᠤᠢ᠃ | ᠬᠡᠦᠭᠡᠳ ᠲᠤ ᠪᠤᠯ ᠪᠤᠶᠠᠨ ᠦᠢᠯᠡᠳᠬᠦ ᠦᠬᠡᠢ ᠃ ᠭᠡᠭᠡᠭᠳᠡᠭᠰᠡᠨ ᠬᠡᠦᠬᠡᠳ ᠢ ᠰᠢᠨ᠎ᠡ ᠴᠠᠭᠠᠨ ᠪᠦᠰ | ᠤᠭᠤᠳᠠ ᠬᠦᠰᠢᠵᠦ ᠲᠤᠳᠤᠷ᠎ᠠ ᠨᠢ ᠬᠢᠭᠡᠳ ᠂ ᠲᠤᠷᠠᠳᠠᠢ ᠨᠠᠭᠠᠳᠤᠮ ᠲᠤᠭᠯᠠᠭᠠᠮ ᠤᠨ ᠵᠦᠢᠯ ᠪᠤᠶᠤ ᠰᠢᠬᠢᠷ ᠪᠤᠤᠪᠤ | ᠬᠢᠵᠦ ᠠᠮᠠᠰᠠᠷ ᠢ ᠨᠢ ᠪᠢᠳᠡᠬᠦᠯᠡᠨ᠂ ᠬᠦᠳᠡᠭᠡ ᠠᠪᠠᠴᠢᠵᠤ ᠭᠤᠷᠪᠠᠨ ᠵᠠᠮ ᠤᠨ ᠠᠭᠤᠯᠵᠠᠷ ᠲᠡᠭᠡᠷ᠎ᠡ ᠤᠭᠤᠳᠠᠨ ᠤ | ᠠᠮᠠᠰᠠᠷ ᠢ ᠨᠢ ᠵᠠᠳᠠᠭᠠᠶᠢᠯᠠᠵᠤ ᠲᠠᠯᠪᠢᠨ᠎ᠠ᠃ ᠪᠤᠴᠠᠬᠤ ᠳᠠᠭᠠᠨ ᠮᠤᠷᠢᠨ ᠤ ᠴᠤᠯᠪᠤᠭᠤᠷ ᠢ ᠰᠤᠯᠠ ᠲᠠᠯᠪᠢᠵᠤ ᠪᠤᠴᠠᠨ᠎ᠠ | ᠃ ᠡᠨᠡ ᠨᠢ ᠲᠠᠷᠠᠭᠠᠴᠢ ᠶᠢᠨ ᠬᠡᠦᠭᠡᠳ ᠢ ᠴᠤᠯᠪᠤᠭᠤᠷ ᠢᠶᠠᠷ ᠬᠦᠳᠦᠯᠦᠬᠡᠳ ᠢᠷᠡᠨ᠎ᠡ ᠬᠡᠰᠡᠨ ᠰᠠᠨᠠᠭ᠎ᠠ ᠲᠠᠢ ᠠᠵᠢ᠃ | ᠡᠶᠢᠮᠦ ᠭᠡᠭᠡᠭᠰᠡᠨ ᠬᠡᠦᠭᠡᠳ ᠲᠡᠭᠡᠷ᠎ᠡ ᠲᠠᠭᠠᠷᠠᠭᠰᠠᠨ ᠬᠦᠮᠦᠨ ᠬᠡᠦᠭᠡᠳ ᠲᠠᠢ ᠪᠤᠯᠤᠨ᠎ᠠ ᠬᠡᠵᠦ ᠪᠡᠯᠭᠡᠰᠢᠶᠡᠳᠡᠭ ᠪᠦᠬᠡᠳ | ᠬᠡᠦᠭᠡᠳ ᠲᠠᠢ ᠠᠶᠢᠯ ᠪᠤᠯ ᠲᠤᠭᠯᠠᠭᠠᠮ ᠤᠨ ᠵᠦᠢᠯ ᠠᠴᠠ ᠨᠢ ᠠᠪᠴᠤ ᠡᠪᠦᠷᠯᠡᠭᠡᠳ ᠰᠢᠭᠤᠳ ᠭᠡᠷ ᠲᠡᠭᠡᠨ ᠬᠠᠷᠢᠳᠠᠭ | ᠪᠠᠶᠢᠵᠠᠢ᠃ | ᠲᠡᠭᠡᠷᠡᠬᠢ ᠪᠤᠯ ᠲᠠᠶᠢᠹᠤᠰᠧ ᠮᠤᠩᠭᠤᠯᠴᠤᠳ ᠤᠨ ᠨᠦᠭᠴᠢᠭᠰᠡᠳ ᠢᠶᠠᠨ ᠤᠷᠤᠰᠢᠭᠤᠯᠬᠤ ᠡᠷᠳᠡ ᠦᠶ᠎ᠡ ᠶᠢᠨ | ᠶᠤᠰᠤ ᠵᠠᠩᠰᠢᠯ ᠪᠤᠯᠤᠨ᠎ᠠ᠃ ᠪᠠᠷᠤᠭ ᠬᠤᠷᠢᠳᠤᠭᠠᠷ ᠵᠠᠭᠤᠨ ᠤ ᠲᠦᠴᠢ ᠲᠠᠪᠢᠭᠠᠳ ᠤᠨ ᠤ ᠦᠶ᠎ᠡ ᠠᠴᠠ | ᠡᠬᠢᠯᠡᠭᠡᠳ᠂ ᠲᠠᠶᠢᠹᠤᠰᠧ ᠤᠨ ᠤᠷᠤᠰᠢᠭᠤᠯᠭ᠎ᠠ ᠶᠢᠨ ᠵᠠᠩ ᠦᠢᠯᠡ ᠦᠬᠡᠷᠡᠴᠢᠯᠡᠭᠳᠡᠵᠦ᠂ ᠠᠭᠤᠯᠠ ᠲᠠᠯ᠎ᠠ ᠪᠠᠷ | ᠬᠦᠳᠡᠭᠡᠯᠡᠵᠦ ᠲᠠᠯᠪᠢᠳᠠᠭ ᠢᠶᠠᠨ ᠪᠤᠯᠢᠭᠠᠳ᠂ ᠭᠠᠯ ᠢᠶᠠᠷ ᠡᠬᠦᠰᠭᠡᠬᠦ ᠪᠤᠯᠤᠭᠰᠠᠨ ᠪᠠᠶᠢᠨ᠎ᠠ᠃ ᠡᠨᠡ ᠨᠢ ᠠᠮᠢᠳᠠᠨ | ᠠᠷᠢᠶᠠᠳᠠᠨ ᠴᠦᠭᠡᠷᠡᠭᠰᠡᠨ ᠠᠴᠠ ᠪᠤᠯᠵᠤ᠂ ᠬᠡᠬᠦᠷ ᠪᠡᠶ᠎ᠡ ᠶᠢ ᠬᠦᠳᠡᠭᠡ ᠭᠠᠳᠠᠭ᠎ᠠ ᠤᠳᠠᠭᠠᠨ ᠭᠡᠪᠳᠡᠬᠦᠯᠬᠦ ᠠᠴᠠ | ᠬᠢᠴᠢᠶᠡᠭᠰᠡᠨ ᠶᠠᠪᠤᠳᠠᠯ ᠪᠠᠶᠢᠬ᠎ᠠ ᠃ ᠬᠡᠬᠦ ᠳᠡᠭᠡᠨ᠂ ᠴᠢᠨᠳᠠᠷ ᠢ ᠭᠠᠷᠭᠠᠬᠤ ᠠᠴᠠ ᠡᠮᠦᠨ᠎ᠡ ᠬᠤᠶᠢᠨᠠᠬᠢ ᠪᠤᠶᠠᠨ ᠤ | ᠦᠢᠯᠡ᠂ ᠴᠡᠭᠡᠷ ᠶᠤᠰᠤ ᠨᠢ ᠤᠷᠢᠳᠤ ᠶᠢᠨ ᠬᠢ ᠲᠠᠢ ᠦᠨᠳᠦᠰᠦᠨ ᠳᠡᠭᠡᠨ ᠠᠳᠠᠯᠢ ᠃ | ᠭᠠᠯ ᠢᠶᠠᠷ ᠲᠡᠭᠳᠡᠭᠡᠬᠦ ᠳᠤ ᠮᠦᠨ ᠠᠳᠠᠯᠢ ᠪᠠᠷ ᠰᠦᠮ᠎ᠡ ᠬᠡᠶᠢᠳ ᠠᠴᠠ ᠯᠠᠮᠠ ᠬᠤᠸᠠᠷᠠᠭ ᠵᠠᠯᠠᠵᠤ ᠨᠤᠮ | ᠤᠩᠰᠢᠨ ᠮᠠᠨᠢ ᠲᠤᠭᠠᠯᠠᠵᠤ᠂ ᠨᠦᠭᠴᠢᠭᠴᠢ ᠶᠢᠨ ᠠᠷᠢᠭᠤᠨ ᠮᠦᠷ ᠢ ᠵᠢᠭᠠᠵᠤ ᠦᠭᠬᠦᠨ᠎ᠡ᠃ ᠰᠦᠨᠢ ᠲᠤᠮᠳᠠ ︵ | 12 ᠴᠠᠭ︶ ᠬᠦᠷᠬᠦ ᠳᠤ ᠨᠦᠭᠴᠢᠭᠴᠢ ᠶᠢᠨ ᠢᠪᠡᠭᠡᠯ ᠬᠦᠮᠦᠨ ᠨᠢ ᠴᠢᠨᠳᠠᠷ ᠢ ᠲᠤᠯᠤᠭᠠᠢ ᠶᠢᠨ ᠲᠠᠯ᠎ᠠ ᠠᠴᠠ | ᠬᠦᠳᠡᠯᠬᠡᠨ᠎ᠡ᠃ ᠴᠢᠨᠳᠠᠷ ᠬᠦᠳᠡᠯᠬᠡᠬᠦ ᠬᠦᠮᠦᠨ ᠳᠤ ᠲᠠᠭᠠᠭᠠᠭᠰᠠᠨ ᠯᠠᠮᠠ ᠨᠢ ᠰᠦ ᠠᠮᠰᠠᠭᠤᠯᠳᠠᠭ᠃ ᠡᠨᠡᠬᠦ ᠶᠠᠪᠤᠴᠠ | ᠳᠤ᠂ ᠴᠢᠨᠳᠠᠷ ᠤᠨ ᠡᠮᠦᠨ᠎ᠡ ᠲᠠᠬᠢᠭᠰᠠᠨ ᠠᠶᠠᠭ᠎ᠠ ᠲᠠᠢ ᠬᠠᠷ᠎ᠠ ᠴᠠᠢ᠂ ᠬᠤᠨᠳᠠᠭ᠎ᠠ ᠲᠠᠢ ᠠᠷᠢᠬᠢᠨ ᠲᠡᠭᠡᠷ᠎ᠡ ᠴᠠᠢ ᠪᠠ | ᠠᠷᠢᠬᠢ ᠨᠡᠮᠡᠵᠦ ᠰᠡᠷᠬᠦᠬᠡᠬᠦ ᠶᠢᠨ ᠬᠠᠮᠳᠤ ᠂ ᠪᠠᠷᠢᠭᠰᠠᠨ ᠵᠤᠯᠠ ᠳᠤ ᠲᠤᠰᠤ ᠨᠡᠮᠡᠵᠦ᠂ ᠬᠦᠵᠢ ᠠᠰᠠᠭᠠᠨ | ᠭᠤᠷᠪᠠᠨᠳᠠ ᠨᠠᠮᠠᠨᠴᠢᠯᠠᠨ ᠮᠦᠷᠬᠦᠨ᠎ᠡ᠃ ᠡᠨᠡ ᠨᠢ ᠨᠦᠭᠴᠢᠭᠰᠡᠨ ᠬᠦᠮᠦᠨ ᠢ ᠳ᠋ᠧᠪᠠᠵᠠᠨ ᠤ ᠵᠠᠮ ᠳᠤ | ᠮᠤᠷᠳᠠᠭᠤᠯᠵᠤ ᠪᠠᠶᠢᠨ᠎ᠠ ᠭᠡᠳᠡᠭ᠃ ᠲᠠᠬᠢᠯᠭ᠎ᠠ ᠶᠢᠨ ᠪᠤᠤᠪᠤ ᠂ ᠰᠢᠬᠢᠷ᠂ ᠵᠢᠮᠢᠰ᠂ ᠴᠠᠢ᠂ ᠠᠷᠢᠬᠢ᠂ ᠭᠤᠸᠠᠩᠲᠸᠦ | ᠵᠡᠷᠭᠡ ᠠᠴᠠ ᠲᠡᠭᠡᠵᠢ ᠶᠢ ᠨᠢ ᠠᠪᠴᠤ ᠲᠠᠬᠢᠯᠭ᠎ᠠ ᠶᠢᠨ ᠰᠢᠷᠡᠭᠡᠨ ᠳᠤ ᠲᠠᠯᠪᠢᠭᠠᠳ᠂ ᠪᠤᠰᠤᠳ ᠢ ᠨᠢ ᠴᠤᠭᠯᠠᠷᠠᠭᠰᠠᠨ | ᠬᠦᠮᠦᠰ ᠲᠤ ᠲᠦᠭᠡᠭᠡᠯ ᠲᠠᠯᠪᠢᠵᠤ᠂ ᠴᠠᠭᠠᠨ ᠤ ᠢᠳᠡᠭᠡᠨ ᠬᠡᠵᠦ ᠢᠳᠡᠬᠦᠯᠳᠡᠭ ᠪᠠᠶᠢᠨ᠎ᠠ᠃ | ᠨᠦᠭᠴᠢᠭᠴᠢ ᠶᠢ ᠲᠤᠰᠬᠠᠶᠢᠯᠠᠨ ᠪᠡᠯᠡᠳᠭᠡᠭᠰᠡᠨ ᠮᠤᠳᠤᠨ ᠵᠢᠶᠠᠰᠠᠨ ︵ ᠲᠠᠮᠨᠠᠭᠤᠷ︶ ᠲᠡᠭᠡᠷ᠎ᠡ ᠲᠠᠯᠪᠢᠵᠤ᠂ | ᠦᠷᠯᠦᠬᠡ ᠡᠷᠳᠡ ᠢᠪᠡᠭᠡᠯ ᠴᠠᠭ ᠲᠤᠨᠢ ᠭᠠᠷᠭᠠᠨ᠎ᠠ᠃ ᠤᠷᠢᠳᠤ ᠨᠢ ᠶᠡᠬᠡᠰ ᠯᠠᠮᠠ ᠨᠠᠷ ᠪᠠ ᠨᠤᠶᠠᠳ ᠭᠡᠷᠬᠡᠮᠳᠡᠳ ᠢ | ᠪᠤᠯ ᠪᠤᠰᠤᠭ᠎ᠠ ᠠᠪᠰᠠᠨ ᠳᠤ ᠠᠪᠰᠠᠯᠠᠵᠤ ᠬᠠᠶᠢᠯᠤᠭᠤᠯᠤᠨ ᠤᠷᠤᠰᠢᠭᠤᠯᠳᠠᠭ ᠪᠠᠶᠢᠵᠠᠢ᠃ ᠤᠳᠤ ᠤᠯᠠᠩᠬᠢ ᠠᠶᠢᠯ | ᠬᠤᠳᠠᠨ ᠤ ᠬᠢᠨ ᠭᠡᠪᠳᠡᠭᠡ ᠵᠢᠶᠠᠰᠠ ︵ᠲᠠᠮᠨᠠᠭᠤᠷ︶ ᠭᠡᠷᠡᠭᠯᠡᠵᠦ᠂ ᠵᠠᠷᠢᠮ ᠬᠤᠳᠠ ᠤᠰᠤᠨ ᠤ ᠬᠢᠨ ᠪᠠᠰᠠ ᠪᠤᠰᠤᠭ᠎ᠠ | ᠠᠪᠰᠠ ᠭᠡᠷᠡᠭᠯᠡᠵᠦ ᠪᠤᠢ᠃ ᠬᠡᠬᠦ ᠳᠡᠭᠡᠨ ᠤᠷᠤᠰᠢᠭᠤᠯᠬᠤ ᠠᠷᠭ᠎ᠠ ᠨᠢ ᠠᠳᠠᠯᠢ᠂ ᠬᠤᠪᠴᠠᠰᠤᠯᠠᠭᠰᠠᠨ ᠴᠢᠨᠳᠠᠷ ᠢ | ᠬᠦᠰᠢᠵᠦ ᠤᠶᠤᠭᠰᠠᠨ ᠴᠠᠭᠠᠨ ᠤᠭᠤᠳᠠᠨ ᠳᠤ ᠬᠢᠵᠦ᠂ ᠤᠭᠤᠳᠠᠨ ᠤ ᠠᠮᠠᠰᠠᠷ ᠢ ᠪᠢᠳᠡᠬᠦᠯᠡᠭᠡᠳ ᠮᠤᠳᠤᠨ | ᠵᠢᠶᠠᠰᠠᠨ ᠳᠠᠭᠠᠨ ᠬᠢᠨ᠎ᠡ᠃ ᠵᠢᠶᠠᠰᠠ ᠬᠢᠬᠦ ᠳᠡᠭᠡᠨ ᠲᠡᠮᠦᠷ ᠬᠠᠳᠠᠭᠠᠰᠤ ᠤᠷᠤᠭᠤᠯᠬᠤ ᠦᠬᠡᠢ ᠪᠠᠷ ᠵᠠᠭᠠᠳᠤᠰᠤᠯᠠᠨ | ᠬᠢᠳᠡᠭ᠃ ᠭᠡᠷ ᠠᠴᠠ ᠲᠠᠮᠨᠠᠵᠤ ᠭᠠᠷᠭᠠᠬᠤ ᠳᠤ ᠬᠦᠯ ᠲᠠᠯ᠎ᠠ ᠪᠠᠷ ᠨᠢ ᠴᠤᠩᠬᠤ ᠪᠠᠷ ᠭᠠᠷᠭᠠᠨ᠎ᠠ᠃ ᠡᠬᠦᠳᠡ | ᠲᠠᠮᠵᠢᠭᠤᠯᠤᠨ ᠭᠠᠷᠭᠠᠬᠤ ᠴᠢᠬᠤᠯᠠᠳᠠᠢ ᠪᠤᠯ᠂ ᠡᠬᠦᠳᠡᠨ ᠤ ᠬᠠᠳᠠᠪᠴᠢ ᠲᠡᠭᠡᠷ᠎ᠡ ᠲᠡᠷᠡᠰᠦᠨ ᠤ ᠨᠠᠮᠠᠭ᠎ᠠ ᠪᠤᠶᠤ ᠴᠠᠭᠠᠨ | ᠡᠪᠡᠰᠦ ᠲᠡᠪᠢᠰᠴᠦ ᠲᠤᠮ ᠬᠢᠳᠡᠭ᠃ ᠤᠷᠤᠰᠢᠭᠤᠯᠬᠤ ᠪᠠᠷ ᠶᠠᠪᠤᠬᠤ ᠳᠤ ᠡᠮᠡᠭᠳᠡᠢ ᠬᠦᠮᠦᠨ ᠶᠠᠪᠤᠬᠤ ᠦᠬᠡᠢ ᠂ | ᠬᠠᠷᠢᠨ ᠭᠡᠷ ᠲᠤ ᠬᠤᠴᠤᠷᠴᠤ᠂ ᠭᠡᠷ ᠤᠷᠤᠨ ᠢ ᠱᠦᠬᠦᠷᠳᠡᠵᠦ ᠴᠡᠪᠡᠷᠯᠡᠨ᠎ᠡ᠃ | ᠲᠠᠭᠠᠭᠠᠭᠰᠠᠨ ᠯᠠᠮᠠ ᠤᠷᠤᠰᠢᠭᠤᠯᠬᠤ ᠶᠢᠨ ᠲᠦᠷᠦᠬᠦᠦ ᠡᠳᠦᠷ ᠪᠡᠯᠡᠳᠭᠡᠯ ᠠᠵᠢᠯ ᠢᠶᠠᠨ ᠬᠢᠵᠦ᠂ ᠭᠡᠷᠡᠭᠯᠡᠬᠦ | ᠬᠦᠷᠵᠡᠩ ᠳ᠋ᠠᠭ ᠮᠤᠳᠤ ᠪᠠᠨ ᠤᠷᠤᠰᠢᠭᠤᠯᠭ᠎ᠠ ᠶᠢᠨ ᠭᠠᠵᠠᠷ ᠲᠤ ᠠᠪᠠᠴᠢᠵᠤ ᠪᠡᠯᠡᠳᠭᠡᠵᠦ ᠲᠠᠯᠪᠢᠨ᠎ᠠ᠃ ᠭᠠᠷᠭᠠᠬᠤ | ᠦᠷᠯᠦᠬᠡ ᠭᠠᠵᠠᠷ ᠲᠡᠭᠡᠷ᠎ᠡ ᠨᠢ ᠤᠴᠢᠵᠤ᠂ ᠵᠦᠭ ᠴᠢᠭ ᠢ ᠰᠠᠶᠢᠳᠤᠷ ᠦᠵᠡᠵᠦ ᠪᠠᠶᠢᠭᠠᠳ ᠬᠤᠨᠢᠨ ᠤ ᠬᠦᠷᠵᠡᠩ | ᠳ᠋ᠠᠭ ᠢ ᠵᠡᠷᠭᠡᠯᠡᠵᠦ ᠪᠤᠮᠪᠠ ︵ᠡᠬᠦᠰᠭᠡᠬᠦ ᠵᠤᠤᠬ᠎ᠠ ᠶᠢ ᠬᠡᠯᠡᠵᠦ ᠪᠤᠢ︶ ᠪᠠᠷᠢᠬᠤ ᠪᠦᠬᠡᠳ ᠭᠠᠵᠠᠷ ᠤᠨ ᠬᠦᠷᠦᠰᠦ ᠶᠢ | ᠬᠠᠯᠠᠭᠠᠬᠤ ᠦᠬᠡᠢ ᠬᠡᠮᠡᠨ ᠪᠤᠮᠪᠠ ᠶᠢᠨ ᠲᠤᠤᠷ᠎ᠠ ᠰᠢᠷᠤᠢ ᠶᠢᠨ ᠵᠦᠩ ᠲᠡᠪᠢᠰᠦᠨ᠎ᠡ᠃ ᠪᠤᠮᠪᠠ ᠶᠢᠨ ᠭᠡᠪᠳᠡᠷᠢ ᠳᠤ | ᠨᠢᠬᠡ ᠠᠶᠠᠭ᠎ᠠ ᠪᠤᠶᠤ ᠫᠢᠯᠠᠨ ᠳᠤ ᠰᠢᠷ᠎ᠠ ᠲᠤᠰᠤ ᠬᠢᠵᠦ ᠲᠠᠯᠪᠢᠳᠠᠭ᠃ ᠡᠬᠦᠨ ᠢ ᠵᠤᠯᠠ ᠪᠠᠷᠢᠵᠤ ᠪᠠᠶᠢᠨ᠎ᠠ ᠬᠡᠵᠦ | ᠬᠡᠯᠡᠳᠡᠭ᠃ | ᠬᠠᠶᠢᠯᠤᠭᠤᠯᠬᠤ ᠦᠶᠡᠰ ᠵᠡᠷᠭᠡᠯᠡᠭᠰᠡᠨ ᠪᠤᠮᠪᠠ ᠶᠢᠨ ᠲᠤᠳᠤᠷ᠎ᠠ ᠴᠢᠨᠳᠠᠷ ᠢ ᠲᠡᠭᠰᠢ ᠰᠠᠶᠢᠬᠠᠨ ᠲᠠᠯᠪᠢᠭᠰᠠᠨ ᠤ | ᠲᠠᠷᠠᠭ᠎ᠠ᠂ ᠪᠡᠯᠡᠳᠭᠡᠵᠦ ᠲᠠᠯᠪᠢᠭᠰᠠᠨ ᠬᠦᠷᠵᠡᠩ ᠳ᠋ᠠᠭ ᠪᠠ ᠲᠠᠭᠠᠭᠠᠴᠠ ᠰᠠᠶᠢᠳᠠᠢ ᠮᠤᠳᠤ ᠪᠠᠷ ᠲᠡᠭᠡᠬᠦᠷ ᠨᠢ | ᠪᠦᠳᠡᠭᠡᠵᠦ᠂ ᠪᠤᠮᠪᠠ ᠶᠢᠨ ᠲᠦᠷᠪᠡᠨ ᠲᠠᠯ᠎ᠠ ᠳᠤ ᠦᠯᠡᠳᠡᠭᠡᠭᠰᠡᠨ ᠵᠢᠵᠢᠭ ᠴᠤᠩᠬᠤ ᠤᠳ ᠢᠶᠠᠷ ᠴᠠᠶᠢᠶ᠋ᠢᠦ ᠲᠤᠰᠤ | ᠰᠠᠴᠤᠵᠤ ᠬᠢᠨ᠎ᠡ᠃ ᠪᠤᠮᠪᠠ ᠶᠢᠨ ᠲᠤᠯᠤᠭᠠᠢ ᠲᠠᠯ᠎ᠠ ᠳᠤ ᠭᠤᠷᠪᠠᠨ ᠭᠡᠰᠡᠭ ᠠᠷᠭᠠᠯ ᠨᠤᠴᠤᠭᠠᠵᠤ᠂ ᠲᠠᠭᠠᠭᠠᠭᠰᠠᠨ | ᠯᠠᠮᠠ ᠴᠢᠶ᠋ᠢᠦ ᠲᠤᠰᠤ ᠴᠢᠳᠬᠤᠭᠰᠠᠨ ᠮᠤᠳᠤᠨ ᠡᠰᠢ ᠲᠠᠢ ᠴᠠᠭᠠᠨ ᠪᠦᠰ ᠪᠠᠮᠪᠠᠷ ᠢᠶᠠᠨ ᠠᠷᠭᠠᠯ ᠤᠨ ᠭᠠᠯ ᠠᠴᠠ | ᠭᠠᠯ ᠵᠤᠯᠭᠠᠭᠤᠯᠵᠤ ᠠᠪᠤᠭᠠᠳ ᠂ ᠠᠮᠠᠨ ᠳᠠᠭᠠᠨ ᠨᠤᠮ ᠤᠩᠰᠢᠵᠤ ᠂ ᠪᠤᠷᠤᠭᠤ ᠵᠦᠭ ᠢᠶᠠᠷ ᠡᠷᠬᠢᠨ ᠵᠢᠵᠢᠭ | ᠴᠤᠩᠬᠤ ᠤᠳ ᠢᠶᠠᠷ ᠭᠠᠯ ᠤᠷᠤᠭᠤᠯᠳᠠᠭ᠃ | ᠭᠠᠯ ᠲᠦᠷᠡᠯᠵᠡᠨ ᠨᠤᠴᠤᠬᠤ ᠦᠶᠡᠰ᠂ ᠴᠠᠭ᠎ᠠ ᠲᠠᠢ ᠬᠦᠮᠦᠰ ᠨᠢ ᠡᠮᠦᠰᠴᠦ ᠵᠡᠬᠦᠵᠦ ᠪᠠᠶᠢᠭᠰᠠᠨ ᠴᠠᠭ᠎ᠠ ᠪᠠᠨ | ᠲᠠᠶᠢᠯᠵᠤ ᠭᠠᠯ ᠳᠤ ᠡᠬᠦᠰᠭᠡᠨ᠂ ᠪᠤᠮᠪᠠ ᠶᠢᠨ ᠬᠦᠯ ᠲᠤᠤᠷ᠎ᠠ ᠨᠢ ᠰᠦᠬᠦᠳᠴᠦ ᠭᠤᠷᠪᠠᠨ ᠵᠡᠷᠭᠡ ᠮᠦᠷᠬᠦᠬᠦ | ᠪᠦᠬᠡᠳ ᠪᠤᠰᠤᠳ ᠬᠦᠮᠦᠰ ᠴᠤ ᠭᠤᠷᠪᠠᠨᠳᠠ ᠮᠦᠷᠬᠦᠵᠦ ᠰᠠᠯᠬᠤ ᠶᠤᠰᠤ ᠬᠦᠢᠴᠡᠳᠭᠡᠳᠡᠭ ᠪᠠᠶᠢᠨ᠎ᠠ᠃ | ᠤᠷᠤᠰᠢᠭᠤᠯᠭ᠎ᠠ ᠠᠴᠠ ᠪᠤᠴᠠᠵᠤ ᠢᠷᠡᠭᠰᠡᠨ ᠬᠦᠮᠦᠰ ᠭᠡᠷ ᠲᠤ ᠤᠷᠤᠬᠤ ᠠᠴᠠ ᠪᠠᠨ ᠡᠮᠦᠨ᠎ᠡ ᠪᠡᠯᠡᠳᠭᠡᠵᠦ | ᠲᠠᠯᠪᠢᠭᠰᠠᠨ ᠷᠠᠰᠢᠶᠠᠨ ᠤᠰᠤ ︵ᠰᠦ ᠲᠤᠰᠤᠭᠠᠭᠰᠠᠨ ᠤᠰᠤ︶ ᠪᠠᠷ ᠭᠠᠷ ᠢᠶᠠᠨ ᠤᠬᠢᠶᠠᠵᠤ᠂ ᠤᠳᠤᠯᠭ᠎ᠠ | ᠲᠠᠯᠪᠢᠭᠰᠠᠨ ᠭᠠᠯ ᠳᠤ ᠪᠡᠶ᠎ᠡ ᠪᠠᠨ ᠠᠷᠢᠭᠤᠳᠬᠠᠭᠠᠳ ᠭᠡᠷ ᠲᠤ ᠪᠠᠭᠤᠳᠠᠭ᠃ ᠪᠡᠯᠡᠳᠭᠡᠭᠰᠡᠨ ᠮᠠᠩᠵᠠ᠂ ᠴᠠᠪ ︵ | ᠬᠤᠭᠤᠯᠠ ᠴᠠᠢ︶ ᠢᠶᠠᠨ ᠢᠳᠡᠵᠦ ᠪᠠᠷᠠᠭᠰᠠᠨ ᠤ ᠲᠠᠷᠠᠭ᠎ᠠ᠂ ᠲᠠᠭᠠᠭᠠᠭᠰᠠᠨ ᠯᠠᠮᠠ ᠪᠠ ᠢᠷᠡᠭᠰᠡᠨ ᠬᠦᠮᠦᠰ ᠪᠤᠴᠠᠬᠤ ᠳᠤ | ᠪᠤᠶᠠᠨ ᠤ ᠭᠡᠰᠢᠭ ᠬᠡᠮᠡᠨ ᠬᠠᠳᠠᠭ ᠠᠯᠴᠢᠭᠤᠷ᠂ ᠭᠡᠪ ᠤᠨ ᠴᠠᠢ ᠪᠤᠶᠤ ᠠᠷᠢᠬᠢ ᠪᠤᠤᠪᠤ ᠲᠦᠭᠡᠭᠡᠵᠦ᠂ ᠶᠡᠷᠦ ᠠᠴᠠ | ᠭᠠᠷ ᠬᠤᠭᠤᠰᠤᠨ ᠪᠤᠴᠠᠭᠠᠳᠠᠭ ᠦᠬᠡᠢ᠃ | ᠴᠢᠨᠳᠠᠷ ᠢ ᠡᠬᠦᠰᠭᠡᠭᠰᠡᠨ ᠤ ᠲᠠᠷᠠᠭᠠᠬᠢ ᠭᠤᠷᠪᠠᠨ ᠬᠤᠨᠤᠭ ᠲᠡᠭᠡᠷ᠎ᠡ ᠨᠢ ᠬᠡᠦᠭᠡᠳ ᠲᠡᠬᠦᠦᠨᠡᠷ᠂ ᠲᠦᠷᠦᠯ | ᠰᠠᠳᠤᠨ ᠨᠢ ᠱᠠᠷᠢᠯ ᠢ ᠲᠡᠬᠦᠵᠦ ᠪᠤᠮᠪᠠ ᠪᠠᠨ ᠴᠡᠪᠡᠷᠯᠡᠨ᠎ᠡ᠃ ᠡᠬᠦᠰᠦᠭᠰᠡᠨ ᠱᠠᠷᠢᠯ ᠢ ᠴᠠᠭᠠᠨ ᠤᠭᠤᠳᠠᠨ ᠳᠤ ᠲᠡᠬᠦᠵᠦ | ᠠᠪᠤᠭᠠᠳ᠂ ᠤᠶᠢᠷ᠎ᠠ ᠤᠷᠴᠢᠮ ᠤᠨ ᠠᠭᠤᠯᠠ ᠲᠤᠪᠤ ᠶᠢᠨ ᠤᠷᠤᠢ ᠪᠠᠷ ᠰᠠᠴᠤᠵᠤ᠂ ᠨᠢᠬᠡ ᠬᠡᠰᠡᠭ ᠢ | ᠤᠷᠤᠰᠢᠭᠤᠯᠤᠭᠰᠠᠨ ᠭᠠᠵᠠᠷ ᠲᠤᠨᠢ ᠨᠦᠬᠡ ᠮᠠᠯᠳᠠᠵᠤ ᠪᠤᠯᠠᠭᠠᠳ᠂ ᠵᠢᠵᠢᠭᠭᠡᠨ ᠲᠡᠮᠳᠡᠭ ᠴᠢᠯᠠᠭᠤ ᠪᠤᠰᠬᠠᠵᠤ ᠂ | ᠡᠮᠦᠨ᠎ᠡ ᠨᠢ ᠵᠤᠯᠠ ᠬᠦᠵᠢ ᠠᠰᠠᠭᠠᠨ ᠭᠠᠰᠢᠭᠤᠳᠠᠨ ᠮᠦᠷᠬᠦᠨ᠎ᠡ᠃ ᠡᠬᠦᠨ ᠤ ᠬᠠᠮᠳᠤ᠂ ᠤᠷᠤᠰᠢᠭᠤᠯᠤᠭᠰᠠᠨ | ᠭᠠᠵᠠᠷ ᠲᠠᠬᠢ ᠦᠯᠡᠳᠡᠭᠰᠡᠨ ᠦᠨᠡᠰᠦ ᠴᠢᠨᠳᠠᠷᠤ ᠬᠢᠭᠡᠳ ᠲᠡᠪᠢᠰᠦᠭᠰᠡᠨ ᠵᠦᠩ ᠰᠢᠷᠤᠢ ᠶᠢ ᠲᠠᠷᠬᠠᠭᠠᠵᠤ ᠰᠠᠴᠤᠨ᠎ᠠ᠃ | ᠲᠠᠶᠢᠹᠤᠰᠧ ᠨᠤᠳᠤᠭ ᠤᠨ ᠡᠨᠡ ᠬᠦ᠋ ᠭᠠᠯ ᠢᠶᠠᠷ ᠡᠬᠦᠰᠭᠡᠬᠦ ᠤᠷᠤᠰᠢᠭᠤᠯᠭ᠎ᠠ ᠶᠢᠨ ᠦᠢᠯᠡ ᠨᠢ ᠪᠠᠶᠢᠭᠠᠯᠢ | ᠤᠷᠴᠢᠨ ᠤ ᠬᠠᠮᠠᠭᠠᠯᠠᠯᠳᠠ ᠳᠤ ᠠᠰᠢᠭᠳᠠᠢ᠂ ᠮᠤᠩᠭᠤᠯᠴᠤᠳ ᠤᠨ ᠨᠡᠬᠦᠳᠡᠯ ᠮᠠᠯᠵᠢᠯ ᠤᠨ ᠵᠠᠩ ᠦᠢᠯᠡ ᠳᠤ | ᠨᠡᠶᠢᠴᠡᠭᠰᠡᠨ ᠴᠡᠪᠡᠷ ᠪᠤᠯᠪᠠᠰᠤᠨ ᠠᠷᠭ᠎ᠠ ᠬᠡᠯᠪᠡᠷᠢ ᠪᠠᠶᠢᠵᠤ᠂ ᠨᠡᠶᠢᠳᠡ ᠮᠤᠩᠭᠤᠯᠴᠤᠳ ᠲᠤ ᠮᠡᠳᠡᠷᠡᠭᠳᠡᠨ | ᠦᠨᠡᠯᠡᠭᠳᠡᠵᠦ᠂ ᠤᠯᠠᠨ ᠭᠠᠵᠠᠷ ᠲᠠᠷᠬᠠᠨ ᠲᠡᠯᠭᠡᠷᠡᠭᠰᠡᠨ ᠪᠠᠶᠢᠳᠠᠭ᠃ | 2008 ᠤᠨ ᠳᠤ ᠲᠠᠶᠢᠹᠤᠰᠧ ᠮᠤᠩᠭᠤᠯᠴᠤᠳ ᠤᠨ ᠤᠷᠤᠰᠢᠭᠤᠯᠭ᠎ᠠ ᠶᠢᠨ ᠶᠤᠰᠤᠨ ᠨᠢ ᠠᠶᠢᠮᠠᠭ ᠤᠨ ᠲᠡᠰ | ᠤᠨ ᠪᠤᠳᠠᠰ ᠤᠨ ᠪᠤᠰᠤ ᠰᠤᠶᠤᠯ ᠤᠨ ᠦᠪ ᠲᠤ ᠲᠠᠩᠰᠠᠯᠠᠭᠳᠠᠭᠠᠳ᠂ ᠬᠦᠨᠪᠤᠯᠠᠭ ᠰᠤᠮᠤᠨ ᠤ ᠪᠤᠷᠤᠬᠤᠳᠠ | ᠭᠠᠴᠠᠭᠠᠨ ᠤ ᠮᠠᠯᠴᠢᠨ ᠵᠠᠮᠰᠦ᠋ᠷᠦᠩ ︵1947 ᠤᠨ — 2022 ᠤᠨ︶ ᠠᠶᠢᠮᠠᠭ ᠤᠨ ᠲᠡᠰ ᠤᠨ ᠦᠪᠯᠡᠨ | ᠤᠯᠠᠮᠵᠢᠯᠠᠭᠴᠢ ᠪᠤᠯᠤᠭᠰᠠᠨ ᠪᠠᠶᠢᠨ᠎ᠠ᠃ |