ᠬᠤᠶᠠᠷ ᠭᠠᠵᠠᠷ ᠤᠨ ᠬᠢᠨ ᠬᠠᠮᠵᠢᠯᠴᠠᠭ᠎ᠠ ᠪᠠᠨ ᠴᠢᠩᠭᠠᠳᠬᠠᠵᠤ ᠰᠢᠨ᠎ᠡ ᠬᠥᠳᠡᠭᠡ ᠶᠢ ᠬᠠᠮᠲᠤᠪᠠᠷ ᠪᠠᠶᠢᠭᠤᠯᠤᠨ᠎ᠠ
ᠨᠡᠶᠢᠲᠡᠯᠡᠭᠰᠡᠨ ᠴᠠᠭ᠄
2023/11/29
  ᠣᠶᠢᠷ᠎ᠠ ᠶᠢᠨ ᠵᠢᠯ ᠳᠤ᠂ ᠪᠡᠭᠡᠵᠢᠩ ᠬᠤᠳᠠ ᠶᠢᠨ ᠴᠠᠩᠫᠢᠩ ᠲᠣᠭᠤᠷᠢᠭ ᠤᠨ ᠬᠢᠨ ᠡᠯ᠎ᠡ ᠲᠠᠯ᠎ᠠ ᠶᠢᠨ ᠡᠬᠢ ᠪᠠᠶᠠᠯᠢᠭ ᠢ ᠬᠦᠴᠦᠯᠡᠨ ᠲᠥᠪᠯᠡᠷᠡᠭᠦᠯᠵᠦ᠂  ᠲᠠᠶᠢᠹᠤᠰᠧ ᠬᠤᠰᠢᠭᠤ ᠶᠢ ᠠᠵᠢᠯ ᠲᠦᠷᠦᠯ ᠢᠶᠠᠷ ᠬᠠᠪᠰᠤᠷᠤᠨ ᠲᠡᠳᠬᠦᠬᠦ ᠡᠷᠴᠢᠮ ᠢᠶᠠᠨ ᠦᠷᠭᠦᠯᠵᠢᠯᠡᠨ ᠴᠢᠩᠭᠠᠷᠠᠭᠤᠯᠵᠤ᠂  ᠬᠦᠳᠡᠭᠡ ᠲᠣᠰᠬᠤᠨ ᠤ ᠰᠠᠭᠤᠷᠢ ᠲᠥᠬᠦᠭᠡᠷᠦᠮᠵᠢ ᠶᠢ ᠪᠦᠬᠦ ᠲᠠᠯ᠎ᠠ ᠪᠠᠷ ᠰᠠᠶᠢᠵᠢᠷᠠᠭᠤᠯᠤᠨ᠂  ᠠᠷᠠᠳ ᠤᠯᠠᠨ ᠤ ᠵᠣᠯ ᠵᠢᠷᠭᠠᠯ ᠤᠨ ᠵᠢᠭᠠᠯᠲᠠ ᠲᠤᠭ᠎ᠠ ᠶᠢ ᠳᠠᠰᠤᠷᠠᠯᠳᠠ ᠦᠭᠡᠢ ᠳᠡᠭᠡᠭᠰᠢᠯᠡᠭᠦᠯᠵᠦ᠂  ᠠᠵᠢᠯᠯᠠᠵᠤ ᠠᠮᠢᠳᠤᠷᠠᠬᠤ ᠳᠤ ᠲᠠᠭᠠᠯᠠᠮᠵᠢᠳᠠᠢ ᠦᠵᠡᠰᠬᠦᠯᠡᠩᠳᠦ ᠰᠠᠶᠢᠬᠠᠨ ᠬᠦᠳᠡᠭᠡ ᠲᠤᠰᠬᠤᠨ  ᠤ ᠲᠦᠷᠰᠦ ᠪᠠᠶᠢᠳᠠᠯ ᠢ ᠵᠢᠷᠤᠭᠯᠠᠵᠤ ᠪᠠᠶᠢᠨ᠎ᠠ᠃   ᠰᠠᠭᠤᠷᠢ ᠲᠥᠬᠦᠭᠡᠷᠦᠮᠵᠢ ᠶᠢᠨ ᠪᠠᠶᠢᠭᠤᠯᠤᠯᠲᠠ ᠪᠣᠯ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢᠨ ᠴᠢᠬᠤᠯᠠ ᠲᠤᠯᠭᠠᠭᠤᠷᠢᠯᠠᠯ ᠪᠣᠯᠣᠨ᠎ᠠ᠃ ᠣᠶᠢᠷ᠎ᠠ ᠳᠤ᠂ ᠰᠤᠷᠪᠤᠯᠵᠢᠯᠠᠭᠴᠢ  ᠬᠤᠩ ᠴᠢ ᠪᠠᠯᠭᠠᠰᠤᠨ ᠤ  ᠬᠤᠩ ᠴᠢ ᠲᠣᠰᠬᠤᠨ ᠳᠤ  ᠬᠦᠷᠬᠦᠶ᠎ᠡ᠂ ᠲᠣᠰᠬᠤᠨ ᠤ ᠠᠷᠠᠳ ᠤᠳ ᠬᠦᠷᠢᠶ᠎ᠡ ᠬᠠᠰᠢᠶ᠎ᠠ ᠪᠠᠨ ᠡᠮᠬᠢ ᠴᠡᠭᠴᠡ ᠲᠠᠢ ᠪᠠᠶᠢᠷᠢᠰᠢᠭᠤᠯᠵᠤ᠂ ᠮᠠᠯ ᠤᠨᠤᠭ᠎ᠠ ᠪᠠᠨ ᠲᠤᠰᠬᠠᠢ ᠬᠠᠰᠢᠶ᠎ᠠ ᠳᠤ ᠲᠥᠪᠯᠡᠷᠡᠭᠦᠯᠦᠨ ᠮᠠᠯᠵᠢᠵᠤ ᠪᠠᠶᠢᠭ᠎ᠠ ᠶᠢ ᠬᠠᠷᠠᠯ᠎ᠠ᠃ ᠡᠨᠡ ᠪᠣᠯ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠲᠦᠷᠦᠯ ᠵᠦᠢᠯ ᠤᠨ ᠨᠢᠬᠡ ᠪᠤᠯᠬᠤ ︽ᠦᠢᠯᠡᠳᠪᠦᠷᠢᠯᠡᠯ ᠠᠮᠢᠳᠤᠷᠠᠯ ᠤᠨ ᠲᠤᠭᠤᠷᠢᠭ ᠢ ᠰᠠᠯᠭᠠᠬᠤ︾ ᠲᠥᠷᠥ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠤ ᠢᠯᠡᠷᠭᠡᠢ ᠦᠷ᠎ᠡ ᠪᠦᠲᠦᠭᠡᠯ ᠪᠣᠯᠣᠨ᠎ᠠ᠃      ᠣᠶᠢᠷ᠎ᠠ ᠶᠢᠨ ᠵᠢᠯ ᠳᠤ᠂  ᠬᠤᠩ ᠴᠢ ᠪᠠᠯᠭᠠᠰᠤ ᠨᠢ ᠲᠥᠷᠥᠯ ᠵᠦᠢᠯ ᠢ ᠨᠡᠶᠢᠳᠭᠡᠨ᠂  ᠪᠦᠳᠦᠮᠵᠢᠳᠡᠢ ᠠᠷᠭ᠎ᠠ ᠬᠡᠮᠵᠢᠶ᠎ᠡ ᠠᠪᠴᠤ᠂  590 ᠲᠦᠮᠡᠨ ᠲᠥᠭᠦᠷᠢᠭ ᠤᠨ ᠬᠠᠪᠰᠤᠷᠤᠨ ᠲᠡᠳᠬᠦᠬᠦ ᠪᠡᠯᠡ ᠮᠥᠩᠭᠦ ᠶᠢ ᠠᠰᠢᠭᠯᠠᠨ᠂  ᠬᠤᠩ ᠴᠢ  ᠲᠣᠰᠬᠤᠨ ᠳᠤ 59.4 ᠮᠦ ᠲᠠᠯᠠᠪᠠᠢ ᠪᠦᠬᠦᠢ᠂ 500 ᠦᠬᠡᠷ ᠮᠠᠯᠵᠢᠵᠤ ᠳᠡᠶᠢᠯᠬᠦ ︽ᠦᠢᠯᠡᠳᠪᠦᠷᠢᠯᠡᠯ ᠠᠮᠢᠳᠤᠷᠠᠯ ᠤᠨ ᠲᠤᠭᠤᠷᠢᠭ ᠢ ᠰᠠᠯᠭᠠᠬᠤ︾ ᠲᠠᠯᠠᠪᠠᠢ ᠶᠢ ᠪᠠᠶᠢᠭᠤᠯᠤᠭᠠᠳ᠂  ᠤᠳᠤ ᠲᠤᠰ ᠲᠣᠰᠬᠤᠨ ᠤ 27 ᠡᠷᠦᠬᠡ ᠶᠢᠨ 380 ᠦᠬᠡᠷ ᠢ  ᠠᠳᠡ ᠲᠥᠪᠯᠡᠷᠡᠭᠦᠯᠦᠨ ᠮᠠᠯᠵᠢᠵᠤ ᠪᠠᠶᠢᠭ᠎ᠠ ᠶᠤᠮ᠃  ︽ᠦᠢᠯᠡᠳᠪᠦᠷᠢᠯᠡᠯ ᠠᠮᠢᠳᠤᠷᠠᠯ ᠤᠨ ᠲᠤᠭᠤᠷᠢᠭ ᠢ ᠰᠠᠯᠭᠠᠬᠤ︾   ᠨᠢ ᠬᠥᠳᠡᠭᠡ ᠲᠣᠰᠬᠤᠨ ᠤ ᠣᠷᠴᠢᠨ ᠲᠤᠭᠤᠷᠢᠨ ᠢ ᠪᠦᠲᠦᠮᠵᠢᠲᠡᠶ ᠰᠠᠶᠢᠵᠢᠷᠠᠭᠤᠯᠤᠭᠰᠠᠨ ᠢᠶᠠᠷ ᠪᠠᠷᠠᠬᠤ ᠦᠭᠡᠢ ᠠᠷᠠᠳ ᠢᠷᠭᠡᠳ ᠤᠨ ᠠᠮᠢᠳᠤᠷᠠᠯ ᠤᠨ ᠴᠢᠨᠠᠷ ᠴᠢᠨᠰᠠᠭ᠎ᠠ ᠶᠢ ᠴᠤ ᠳᠡᠭᠡᠭᠰᠢᠯᠡᠭᠦᠯᠦᠭᠰᠡᠨ ᠪᠠᠶᠢᠨ᠎ᠠ᠃     ᠬᠤᠩ ᠴᠢ ᠲᠣᠰᠬᠤᠨ ᠤ ᠲᠠᠷᠢᠶᠠᠴᠢᠨ ᠸᠠᠩ ᠳ᠋ᠠᠢ᠄  ᠤᠯᠤᠰ ᠠᠴᠠ ᠪᠠᠷᠢᠵᠤ ᠥᠭᠭᠦᠭᠰᠡᠨ ᠦᠬᠡᠷ ᠤᠨ ᠬᠤᠷᠤᠭ᠎ᠠ ᠮᠠᠰᠢ ᠰᠠᠶᠢᠨ᠂  ᠦᠢᠯᠡᠳᠪᠦᠷᠢᠯᠡᠯ ᠠᠮᠢᠳᠤᠷᠠᠯ ᠤᠨ ᠲᠤᠭᠤᠷᠢᠭ ᠢ ᠠᠰ ᠠᠰ ᠲᠤᠨᠢ ᠪᠤᠯᠭᠠᠭᠰᠠᠨ ᠢᠶᠠᠷ ᠡᠪᠦᠯ ᠳᠡᠭᠡᠨ ᠡᠪᠡᠰᠦ ᠪᠣᠷᠳᠤᠭ᠎ᠠ ᠲᠡᠵᠢᠭᠡᠬᠦ ᠳᠤ ᠮᠠᠰᠢ ᠲᠥᠬᠦᠮ᠂ ᠡᠪᠡᠰᠦ ᠪᠤᠷᠳᠤᠭᠠᠨ ᠳᠤ ᠴᠤ ᠭᠠᠮᠲᠠᠢ᠂ ᠴᠠᠰᠤ ᠤᠷᠤᠵᠤ  ᠲᠡᠭᠷᠢ ᠬᠦᠢᠳᠡᠷᠡᠭᠰᠡᠨ ᠳᠤ ᠦᠬᠡᠷ ᠮᠠᠯ ᠳᠠᠭᠠᠷᠠᠬᠤ   ᠪᠠᠨ ᠪᠤᠯᠢᠵᠠᠢ᠃  ᠦᠬᠡᠷ ᠮᠠᠯ ᠢᠶᠠᠨ  ᠭᠡᠷ ᠤᠨ ᠡᠬᠦᠳᠡᠨ ᠳᠡᠭᠡᠨ ᠬᠠᠰᠢᠶᠠᠯᠠᠬᠤ ᠦᠬᠡᠢ ᠪᠤᠯᠤᠭᠰᠠᠨ ᠢᠶᠠᠷ ᠵᠤᠨ ᠤ ᠬᠠᠯᠠᠭᠤᠨ ᠳᠤ ᠴᠤ ᠭᠡᠰᠡᠨ ᠠᠶᠢᠯ ᠬᠤᠳᠠ ᠬᠦᠷᠢᠶ᠎ᠡ ᠬᠠᠰᠢᠶ᠎ᠠ ᠴᠡᠪᠷᠰᠢᠵᠦ᠂ ᠢᠯᠠᠭ᠎ᠠ ᠪᠠᠲᠠᠭᠠᠨ᠎ᠠ ᠠᠷᠢᠯᠤᠭᠠᠳ  ᠦᠮᠡᠬᠡᠢ ᠦᠨᠦᠷ ᠭᠠᠷᠬᠤ ᠦᠬᠡᠢ ᠪᠤᠯᠤᠭᠰᠠᠨ᠃   ᠪᠣᠷᠳᠣᠭᠠᠨ ᠤ ᠭᠡᠷ᠂ ᠨᠣᠭᠤᠭᠠᠨ ᠤ ᠵᠣᠭᠤᠷᠢ᠂ ᠡᠪᠡᠰᠦᠨ ᠤ ᠰᠠᠷᠠᠪᠴᠢ᠂᠂᠂᠂᠂᠂ ᠭᠡᠳ ᠰᠠᠭᠤᠷᠢ ᠲᠦᠬᠦᠭᠡᠷᠦᠮᠵᠢ ᠪᠦᠷᠢᠨ ᠲᠦᠬᠦᠷ᠂ ᠦᠨᠢᠶ᠎ᠡ ᠲᠤᠭᠤᠯᠯᠠᠬᠤ ᠳᠤ ᠬᠦᠷᠳᠡᠯ᠎ᠡ ᠡᠳᠦᠷ ᠰᠦᠨᠢ ᠦᠬᠡᠢ ᠲᠤᠷᠠᠨᠳᠠᠵᠤ ᠰᠢᠩᠭᠡᠭᠡᠬᠦ ᠮᠠᠰᠢᠨ  ᠲᠠᠢ᠂ ᠭᠡᠷ ᠲᠡᠭᠡᠨ ᠰᠠᠭᠤᠭᠠᠳ ᠭᠠᠷ ᠤᠲᠠᠰᠤ ᠪᠠᠷ ᠢᠶᠠᠨ ᠣᠯᠵᠤ ᠬᠠᠷᠠᠨ᠎ᠠ᠂  ᠬᠠᠷᠢᠨ ᠤᠷᠢᠳᠤ ᠶᠢᠨ ᠬᠢ ᠰᠢᠭ ᠬᠤᠷᠤᠭ᠎ᠠ ᠮᠠᠨᠠᠵᠤ ᠬᠦᠯᠳᠡᠵᠦ ᠰᠠᠭᠤᠬᠤ ᠪᠠᠨ ᠪᠦᠷ ᠪᠤᠯᠢᠭᠰᠠᠨ ᠰᠢᠦ︾᠃      ᠥᠩᠭᠡᠷᠡᠭᠰᠡᠨ ᠳᠤ᠂ ᠪᠣᠷᠣᠭᠠᠨ ᠤ ᠤᠯᠠᠷᠢᠯ ᠪᠤᠯᠤᠭᠰᠠᠭᠠᠷ ᠯᠠ ᠲᠣᠰᠬᠤᠨ ᠤ ᠳᠣᠲᠣᠷᠠᠬᠢ ᠵᠥᠷᠢᠭ ᠵᠠᠮ ᠨᠢ ᠰᠢᠪᠠᠷ ᠪᠠᠯᠴᠢᠭ ᠪᠤᠯᠵᠤ᠂ ᠲᠡᠷᠭᠡ ᠬᠥᠰᠬᠡ ᠨᠡᠪᠲᠡᠷᠡᠬᠦ ᠶᠢᠨ ᠠᠷᠭ᠎ᠠ ᠦᠭᠡᠢ  ᠪᠠᠶᠢᠳᠠᠭ᠃ ᠡᠨᠡ ᠨᠢ ᠲᠠᠷᠢᠶᠠᠴᠢᠳ ᠤᠨ ᠠᠮᠢᠳᠤᠷᠠᠯ ᠤᠨ ᠴᠢᠨᠠᠷ ᠴᠢᠨᠰᠠᠭ᠎ᠠ ᠶᠢ ᠨᠦᠯᠦᠭᠡᠯᠡᠬᠦ ᠪᠠᠷ ᠪᠠᠷᠠᠬᠤ ᠦᠭᠡᠢ ᠬᠥᠳᠡᠭᠡ ᠲᠣᠰᠬᠤᠨ ᠤ ᠠᠵᠤ ᠠᠬᠤᠢ ᠶᠢᠨ ᠬᠥᠭᠵᠢᠯᠲᠡ ᠶᠢ ᠴᠦ ᠬᠠᠷᠰᠢᠯᠠᠳᠠᠭ᠃  ᠡᠨᠡᠬᠦ ᠪᠠᠶᠢᠳᠠᠯ ᠳᠤ ᠴᠢᠭᠯᠡᠬᠦᠯᠵᠦ ᠬᠤᠩ ᠴᠢ ᠪᠠᠯᠭᠠᠰᠤ ᠨᠢ 270 ᠲᠦᠮᠡᠨ ᠲᠥᠭᠦᠷᠢᠭ ᠤᠨ ᠬᠠᠪᠰᠤᠷᠤᠨ ᠲᠡᠳᠬᠦᠬᠦ ᠪᠡᠯᠡ ᠮᠥᠩᠭᠦ ᠶᠢ ᠠᠰᠢᠭᠯᠠᠵᠤ᠂ ᠬᠤᠩ ᠴᠢ ᠲᠣᠰᠬᠤᠨ ᠤ 1.41 ᠲᠦᠮᠡᠨ ᠬᠠᠪᠳᠠᠭᠠᠢ ᠳᠥᠷᠪᠡᠯᠵᠢᠨ ᠮᠧᠲᠷ ᠵᠡᠭᠡᠯᠢ ᠭᠤᠳᠤᠮᠵᠢ ᠶᠢ ᠲᠡᠪᠢᠰᠴᠦ ᠬᠠᠳᠠᠭᠤᠷᠠᠭᠤᠯᠤᠭᠰᠠᠨ ᠪᠦᠭᠡᠳ ᠵᠠᠮ ᠤᠨ ᠳ᠋ᠧᠩ 70   ᠶᠢ ᠤᠭᠰᠠᠷᠠᠭᠠᠳ᠂  ᠲᠠᠷᠢᠶᠠᠴᠢᠳ ᠤᠨ ᠶᠠᠪᠤᠵᠤ ᠰᠠᠭᠤᠬᠤ ᠳᠤ ᠲᠦᠬᠦᠮ ᠪᠤᠯᠭᠠᠨ᠂ ᠲᠣᠰᠬᠤᠨ ᠤ ᠦᠩᠭᠡ ᠲᠦᠷᠬᠦ ᠶᠢ ᠤᠯᠠᠮ ᠭᠤᠶᠤᠵᠢᠭᠤᠯᠵᠤ᠂  ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠰᠢᠨ᠎ᠡ ᠠᠮᠢᠵᠢᠷᠠᠯ ᠤᠨ ᠬᠦᠴᠦᠨ  ᠨᠡᠮᠡᠷᠢᠯᠡᠭᠰᠡᠨ ᠪᠠᠶᠢᠨ᠎ᠠ᠃     ᠬᠤᠩ ᠴᠢ ᠲᠣᠰᠬᠤᠨ ᠤ ᠲᠠᠷᠢᠶᠠᠴᠢᠨ ᠯᠢᠦ ᠶᠢᠤ ᠮᠢᠩ᠄   ᠤᠷᠢᠳᠤ ᠨᠢ ᠮᠠᠨ ᠤ ᠠᠳᠡ ᠪᠠᠭ᠎ᠠ ᠯᠠ ᠪᠣᠷᠣᠭᠠᠨ ᠤᠷᠤᠭᠰᠠᠭᠠᠷ ᠢᠷᠡᠵᠦ ᠶᠠᠪᠤᠬᠤ ᠶᠢᠨ ᠠᠷᠭ᠎ᠠ ᠦᠬᠡᠢ ᠪᠤᠯᠳᠠᠭ᠂ ᠣᠲᠣ ᠵᠠᠮ ᠢ ᠵᠠᠰᠠᠵᠤ ᠵᠡᠭᠡᠯᠢ ᠶᠢ ᠬᠠᠳᠠᠭᠤᠷᠠᠭᠤᠯᠤᠭᠠᠳ ᠪᠠᠰᠠ ᠵᠠᠮ ᠤᠨ ᠳ᠋ᠧᠩ ᠤᠭᠰᠠᠷᠠᠵᠤ ᠦᠭᠴᠡᠢ᠂ ᠪᠢᠳᠡ ᠪᠦᠬᠦᠨ ᠮᠠᠰᠢ ᠬᠠᠨᠤᠮᠵᠢᠲᠠᠶ ᠪᠠᠶᠢᠨ᠎ᠠ  ︾    ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠣᠷᠴᠢᠨ ᠲᠣᠭᠤᠷᠢᠨ ᠪᠣᠯ ᠰᠠᠭᠤᠷᠢ ᠥᠩᠭᠡ ᠨᠢ ᠶᠤᠮ ᠃ ᠬᠤᠶᠢᠰᠢᠳᠠ ᠬᠤᠩ ᠴᠢ ᠪᠠᠯᠭᠠᠰᠤ ᠨᠢ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠲᠦᠷᠦ ᠶᠢᠨ ᠪᠤᠳᠤᠯᠭ᠎ᠠ ᠳᠤ ᠲᠦᠰᠢᠭᠯᠡᠨ᠂ ᠨᠡᠩ ᠣᠯᠠᠨ ᠬᠥᠭᠵᠢᠯᠲᠡ ᠶᠢᠨ ᠠᠵᠠ ᠲᠣᠬᠢᠶᠠᠯ ᠪᠠ ᠡᠬᠢ ᠪᠠᠶᠠᠯᠢᠭ ᠢ ᠣᠯᠵᠤ  ᠂ ᠬᠦᠳᠡᠭᠡ ᠲᠤᠰᠬᠤᠨ ᠤ ᠣᠷᠣᠰᠢᠨ ᠰᠠᠭᠤᠷᠢᠰᠢᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠲᠠᠯ᠎ᠠ ᠪᠠᠷ ᠦᠷᠭᠦᠯᠵᠢᠯᠡᠨ ᠬᠦᠴᠦ ᠣᠷᠣᠭᠤᠯᠵᠤ᠂ ᠤᠯᠤᠰ ᠤᠨ ᠳᠡᠰ ᠤᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠢᠱᠢᠶ᠎ᠡ ᠦᠵᠡᠭᠦᠯᠬᠦ ᠲᠣᠰᠬᠤᠨ  ᠂  ᠣᠷᠣᠰᠢᠨ ᠰᠠᠭᠤᠷᠢᠰᠢᠬᠤ ᠣᠷᠴᠢᠨ ᠲᠣᠭᠤᠷᠢᠨ ᠢ  ᠵᠠᠰᠠᠨ ᠰᠠᠶᠢᠵᠢᠷᠠᠭᠤᠯᠬᠤ   ᠲᠣᠰᠬᠤᠨ ᠤ ᠳᠠᠭᠠᠭᠤᠯᠤᠭᠴᠢ ᠶᠢᠨ ᠦᠢᠯᠡᠳᠦᠯ ᠢ ᠬᠦᠢᠴᠡᠳ ᠪᠠᠳᠠᠷᠠᠭᠤᠯᠤᠨ᠂   ᠦᠯᠢᠬᠡᠷ ᠲᠠᠭᠤᠷᠢᠶᠠᠯ ᠢᠶᠠᠷ ᠡᠷᠬᠢᠨ ᠲᠤᠭᠤᠷᠢᠨ ᠤ ᠲᠤᠰᠬᠤᠨ ᠢ ᠲᠠᠶᠢᠴᠢᠯᠠᠵᠤ᠂  ᠣᠷᠣᠰᠢᠨ ᠰᠠᠭᠤᠷᠢᠰᠢᠬᠤ ᠣᠷᠴᠢᠨ ᠲᠣᠭᠤᠷᠢᠨ ᠤ ᠵᠠᠰᠠᠯᠳᠠ ᠶᠢᠨ ᠠᠵᠢᠯ ᠳᠤ ᠤᠷᠤᠯᠴᠠᠭᠤᠯᠤᠨ᠂ ᠲᠣᠰᠬᠤᠨ ᠤ ᠠᠷᠠᠳ ᠢ ᠵᠢᠯᠤᠭᠤᠳᠴᠤ ᠪᠠᠶᠢᠭᠠᠳ ᠰᠠᠶᠢᠨ ᠰᠠᠶᠢᠬᠠᠨ ᠵᠠᠩ ᠳᠠᠳᠬᠠᠯ ᠲᠠᠢ ᠪᠣᠯᠭᠠᠵᠤ᠂  ᠦᠵᠡᠰᠬᠦᠯᠡᠩᠲᠦ ᠪᠤᠯᠪᠠᠰᠤᠨ ᠰᠢᠨ᠎ᠡ ᠬᠥᠳᠡᠭᠡ ᠲᠣᠰᠬᠤᠨ ᠢ ᠪᠠᠶᠢᠭᠤᠯᠬᠤ ᠪᠠᠷ ᠪᠠᠶᠢᠨ᠎ᠠ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号