︽10.1︾ ᠤ ᠠᠮᠠᠷᠠᠯᠲᠠ ᠶᠢᠨ ᠬᠤᠭᠤᠴᠠᠭᠠᠨ ᠳᠤ᠂ ᠬᠦᠮᠦᠨ ᠪᠤᠯᠭᠠᠨ ᠠᠮᠠᠷᠠᠯᠲᠠ ᠴᠢᠯᠦᠭᠡ ᠪᠠᠨ ᠠᠰᠢᠭᠯᠠᠨ | ᠠᠶᠢᠯ ᠭᠡᠷ ᠢᠶᠠᠷ ᠢᠶᠠᠨ ᠬᠦᠭᠡᠷᠦᠯᠳᠦᠵᠦ ᠪᠠᠶᠢᠬᠤ ᠦᠶ᠎ᠡ ᠳᠤ᠂ ᠣᠷᠴᠢᠨ ᠲᠣᠭᠤᠷᠢᠨ ᠤ ᠴᠡᠪᠡᠷᠯᠡᠭᠡ ᠶᠢᠨ ᠠᠵᠢᠯᠴᠢᠳ | ᠮᠥᠨ ᠯᠡ ᠠᠵᠢᠯ ᠤᠨ ᠪᠠᠶᠢᠷᠢ ᠪᠠᠨ ᠪᠠᠲᠤ ᠰᠠᠬᠢᠵᠤ᠂ ᠬᠠᠯᠠᠭᠤᠨ ᠬᠦᠯᠦᠰᠦ ᠠᠷᠢᠭᠤᠨ ᠬᠥᠳᠡᠯᠮᠦᠷᠢ ᠪᠠᠷ ᠢᠶᠠᠨ | ᠴᠡᠪᠡᠷ ᠴᠡᠮᠴᠡᠭᠡᠷ ᠦᠵᠡᠰᠬᠦᠯᠡᠩᠳᠦ ᠰᠠᠶᠢᠬᠠᠨ ᠵᠢᠵᠢᠭ ᠬᠤᠳᠠ ᠶᠢᠨ ᠲᠦᠷᠬᠦ ᠶᠢ ᠤᠯᠠᠨ ᠳᠤ ᠬᠠᠷᠠᠭᠤᠯᠤᠨ᠂ | ᠪᠤᠯᠪᠠᠰᠤᠨ ᠬᠤᠳᠠ ᠶᠢᠨ ᠪᠠᠶᠢᠭᠤᠯᠤᠯᠳᠠ ᠳᠤ ᠬᠦᠴᠦ ᠲᠤᠰᠠ ᠪᠠᠨ ᠨᠡᠮᠡᠷᠢᠯᠡᠵᠦ ᠶᠠᠪᠤᠨ᠎ᠠ᠃ | 10 ᠰᠠᠷ᠎ᠠ ᠶᠢᠨ 4 ᠤ ᠡᠳᠦᠷ᠂ ᠵᠡᠬᠡᠯᠢ ᠴᠡᠪᠡᠷᠯᠡᠭᠴᠢ ᠵᠠᠩ ᠲᠢᠶᠠᠨ ᠶᠤᠸᠠᠢ ᠦᠪᠡᠷ ᠤᠨ ᠬᠠᠷᠢᠭᠤᠴᠠᠭᠰᠠᠨ | ᠭᠠᠵᠠᠷ ᠲᠠᠭᠠᠨ ᠡᠷᠳᠡᠭᠡᠨ ᠬᠦᠷᠴᠦ᠂ ᠴᠡᠪᠡᠷᠯᠡᠭᠡ ᠶᠢᠨ ᠠᠵᠢᠯ ᠢᠶᠠᠨ ᠡᠬᠢᠯᠡᠭᠦᠯᠪᠡ ᠁ ᠲᠡᠷᠡᠪᠡᠷ ᠡᠨᠡ ᠵᠢᠯ 63 | ᠨᠠᠰᠤᠲᠠᠢ᠂ ᠴᠡᠪᠡᠷᠯᠡᠭᠴᠢ ᠶᠢᠨ ᠠᠵᠢᠯ ᠢ ᠬᠢᠭᠡᠳ ᠨᠢᠭᠡᠨᠲᠡ ᠠᠷᠪᠠᠨ ᠵᠢᠯ ᠪᠤᠯᠵᠠᠢ᠃ ᠡᠨᠡ ᠵᠢᠯ ᠤᠨ ︽ᠤᠯᠤᠰ ᠤᠨ | ᠪᠠᠶᠠᠷ︾ ᠤᠨ ᠠᠮᠠᠷᠠᠯᠲᠠ ᠪᠠᠷ ᠲᠡᠷᠡ ᠪᠠᠰᠠ ᠯᠠ ᠠᠵᠢᠯ ᠤᠨ ᠪᠠᠶᠢᠷᠢ ᠪᠠᠨ ᠪᠠᠲᠤ ᠰᠠᠬᠢᠵᠤ᠂ ᠬᠤᠭ ᠨᠤᠪᠰᠢ ᠶᠢ | ᠦᠯᠡᠳᠡᠭᠡᠯ ᠦᠬᠡᠢ ᠠᠷᠢᠯᠭᠠᠨ᠂ ᠬᠠᠷᠢᠭᠤᠴᠠᠭᠰᠠᠨ ᠭᠠᠵᠠᠷ ᠢᠶᠠᠨ ᠬᠢᠯᠠᠶᠢᠳᠠᠯᠠ ᠴᠡᠪᠡᠷᠯᠡᠭᠡᠳ ᠂ ᠠᠷᠢᠭᠤᠨ ᠴᠡᠪᠡᠷ | ᠣᠷᠴᠢᠨ ᠲᠣᠭᠤᠷᠢᠨ ᠢᠶᠠᠷ ᠲᠤᠳᠤᠨ᠎ᠠ ᠶᠢᠨ ᠢᠷᠭᠡᠳ ᠭᠠᠳᠠᠨ᠎ᠠ ᠶᠢᠨ ᠵᠢᠭᠤᠯᠴᠢᠯᠠᠭᠴᠢᠳ ᠤᠨ ᠬᠠᠷᠠᠭ᠎ᠠ ᠶᠢ | ᠪᠠᠶᠠᠰᠬᠠᠭᠰᠠᠨ ᠪᠠᠶᠢᠪᠠ᠃ | ᠵᠠᠩ ᠲᠢᠶᠠᠨ ᠶᠤᠸᠠᠢ᠄ ︽ ᠠᠮᠠᠷᠠᠯᠲᠠ ᠶᠢᠨ ᠬᠤᠭᠤᠴᠠᠭᠠᠨ ᠳᠤ ᠪᠢᠳᠡ ᠴᠢᠯᠦᠭᠡ ᠲᠠᠯᠪᠢᠭᠰᠠᠨ ᠦᠭᠡᠢ ᠪᠤᠯᠪᠠᠴᠤ | ᠮᠠᠰᠢ ᠤᠳᠬ᠎ᠠ ᠠᠭᠤᠯᠭ᠎ᠠ ᠲᠠᠢ ᠰᠠᠨᠠᠭᠳᠠᠨ᠎ᠠ᠂ ᠥᠪᠡᠷ ᠤᠨ ᠬᠦᠴᠦ ᠬᠥᠳᠡᠯᠮᠦᠷᠢ ᠪᠠᠷ ᠢᠶᠠᠨ ᠵᠡᠭᠡᠯᠢ ᠭᠤᠳᠤᠮᠵᠢ ᠶᠢᠨ | ᠠᠷᠢᠭᠤᠨ ᠴᠡᠪᠡᠷ ᠢ ᠰᠤᠯᠢᠨ ᠠᠪᠴᠢᠷᠠᠵᠤ᠂ ᠠᠷᠠᠳ ᠤᠯᠠᠨ ᠳᠤ ᠠᠷᠢᠭᠤᠨ ᠴᠡᠪᠡᠷ ᠣᠷᠴᠢᠨ ᠲᠣᠭᠤᠷᠢᠨ ᠢ | ᠬᠠᠩᠭᠠᠵᠤ ᠥᠭᠬᠦ ᠨᠢ ᠪᠢᠳᠡᠨ ᠤ ᠤᠮᠤᠷᠬᠠᠯ ᠬᠡᠵᠦ ᠬᠡᠯᠡᠵᠦ ᠪᠤᠯᠤᠨ᠎ᠠ ︾᠃ | ᠣᠶᠢᠯᠠᠭᠠᠭᠰᠠᠨ ᠢᠶᠠᠷ᠂ ︽ᠤᠯᠤᠰ ᠤᠨ ᠪᠠᠶᠠᠷ ︾ ᠤᠨ ᠬᠤᠭᠤᠴᠠᠭᠠᠨ ᠳᠤ ᠲᠠᠶᠢᠹᠤᠰᠧ ᠬᠤᠰᠢᠭᠤᠨ ᠤ 230 | ᠭᠠᠷᠤᠢ ᠴᠡᠪᠡᠷᠯᠡᠭᠡ ᠶᠢᠨ ᠠᠵᠢᠯᠴᠢᠨ ᠠᠮᠠᠷᠠᠯᠳᠠ ᠠᠪᠤᠭᠰᠠᠨ ᠦᠬᠡᠢ ᠪᠠᠷ ᠠᠵᠢᠯ ᠤᠨ ᠪᠠᠶᠢᠷᠢ ᠪᠠᠨ ᠰᠠᠬᠢᠵᠤ᠂ | ᠠᠷᠢᠭᠤᠨ ᠬᠥᠳᠡᠯᠮᠦᠷᠢ ᠪᠠᠷ ᠢᠶᠠᠨ ᠡᠬᠡ ᠤᠯᠤᠰ ᠲᠠᠭᠠᠨ ᠬᠠᠮᠤᠭ ᠤᠨ ᠰᠠᠶᠢᠨ ᠰᠠᠶᠢᠬᠠᠨ ᠮᠡᠨᠳᠦᠴᠢᠯᠡᠯ ᠵᠥᠩᠨᠡᠯ ᠢ | ᠲᠡᠪᠰᠢᠬᠦᠯᠦᠨ᠂ ᠠᠵᠢᠯᠴᠢ ᠬᠤᠶᠠᠷ ᠭᠠᠷ ᠢᠶᠠᠷ ᠢᠶᠠᠨ ᠬᠤᠳᠠ ᠪᠠᠯᠭᠠᠰᠤᠨ ᠤ ᠥᠨᠴᠥᠭ ᠪᠤᠯᠤᠩ ᠨᠢᠬᠡᠪᠦᠷᠢ ᠶᠢ | ᠴᠢᠮᠡᠭᠯᠡᠵᠦ᠂ ᠬᠠᠷᠠᠮ ᠦᠭᠡᠢ ᠵᠣᠷᠢᠭᠤᠯᠬᠤ ᠵᠣᠷᠢᠭ ᠰᠠᠨᠠᠭ᠎ᠠ ᠪᠠᠷ ᠬᠠᠷᠢᠭᠤᠴᠠᠯᠭ᠎ᠠ ᠡᠬᠦᠷᠭᠡᠯᠡᠯ ᠶᠠᠭᠤ ᠭᠡᠳᠡᠭ ᠢ | ᠲᠠᠶᠢᠯᠪᠤᠷᠢᠯᠠᠭᠰᠠᠨ ᠪᠠᠶᠢᠨ᠎ᠠ ᠃ ᠶᠠᠭ ᠲᠡᠳᠡ ᠪᠠᠶᠢᠭᠰᠠᠨ ᠠᠴᠠ ᠮᠠᠨ ᠤ ᠬᠤᠳᠠ ᠪᠠᠯᠭᠠᠰᠤ ᠨᠢ ᠰᠠᠶ᠋ᠢ ᠨᠡᠩ ᠬᠠᠯᠠᠭᠤᠨ | ᠳᠤᠯᠠᠭᠠᠨ ᠰᠠᠨᠠᠭᠳᠠᠵᠤ᠂ ᠨᠡᠩ ᠢᠯᠡᠬᠦᠦ ᠲᠠᠲᠠᠬᠤ ᠬᠦᠴᠦᠨ ᠲᠠᠢ ᠪᠣᠯᠤᠭᠰᠠᠨ ᠪᠢᠯᠡ᠃ |