2023 ᠤᠨ ᠤ 8 ᠰᠠᠷ᠎ᠠ ᠶᠢᠨ 14 ᠤ ᠡᠳᠦᠷ᠂ ᠪᠤᠤᠴᠠᠩ ᠪᠠᠯᠭᠠᠰᠤᠨ ᠤ ᠨᠢᠦ ᠠᠪᠠᠭ᠋ᠠᠢ ᠬᠠᠤᠯᠢ ᠪᠤᠰᠤ | ᠡᠲᠡᠭᠡᠳ ᠲᠤ 3 ᠲᠦᠮᠡᠨ ᠲᠥᠭᠦᠷᠢᠭ ᠢᠶᠠᠨ ᠮᠡᠭᠡᠯᠡᠭᠳᠡᠭᠡᠳ ᠴᠠᠭᠳᠠᠭ᠎ᠠ ᠳᠤ ᠮᠡᠳᠡᠭᠦᠯᠦᠭᠰᠡᠨ ᠳᠤ᠂ ᠲᠠᠶᠢᠹᠤᠰᠧ | ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠤᠪᠴᠢᠶᠠᠨ ᠤ ᠬᠢᠨ ᠴᠠᠭ ᠢ ᠵᠠᠪᠳᠤᠵᠤ ᠪᠦᠳᠦᠮᠵᠢᠳᠡᠢ ᠠᠷᠭ᠎ᠠ | ᠬᠡᠮᠵᠢᠶ᠎ᠡ ᠠᠪᠤᠭᠰᠠᠨ ᠢᠶᠠᠷ ᠭᠡᠷᠡᠭ ᠢ ᠮᠠᠰᠢ ᠲᠦᠷᠭᠡᠨ ᠰᠢᠢᠳᠪᠦᠷᠢᠯᠡᠵᠦ᠂ ᠵᠤᠭᠤᠰ ᠮᠦᠩᠬᠦ ᠶᠢᠨ ᠬᠤᠬᠢᠷᠠᠯ ᠢ | ᠡᠬᠡᠬᠦᠯᠦᠨ ᠠᠪᠴᠢᠷᠠᠭᠰᠠᠨ ᠪᠠᠶᠢᠨ᠎ᠠ᠃ ᠭᠡᠷᠡᠭ ᠤᠨ ᠪᠠᠶᠢᠳᠠᠯ ᠭᠡᠪᠡᠯ᠄ 8 ᠰᠠᠷ᠎ᠠ ᠶᠢᠨ 15 ᠤ ᠡᠳᠦᠷ ᠤᠨ 16 | ᠴᠠᠭ ᠤᠨ ᠦᠶ᠎ᠡ ᠪᠠᠷ᠂ ᠲᠠᠶᠢᠹᠤᠰᠧ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠨᠢ ᠪᠤᠤᠴᠠᠩ | ᠪᠠᠯᠭᠠᠰᠤᠨ ᠤ ᠰᠠᠭᠤᠭᠠᠯᠢ ᠠᠷᠠᠳ ᠨᠢᠦ ᠠᠪᠠᠭ᠋ᠠᠢ ᠶᠢᠨ ᠬᠡᠷᠡᠭ ᠤᠨ ᠮᠡᠳᠡᠬᠦᠯᠦᠯᠳᠡ ᠶᠢ ᠲᠤᠰᠴᠠᠢ᠂ ᠲᠤᠬᠠᠶᠢᠯᠠᠪᠠᠯ 8 | ᠰᠠᠷ᠎ᠠ ᠶᠢᠨ 14 ᠤ ᠡᠳᠦᠷ ᠤᠨ 21 ᠴᠠᠭ ᠲᠤ᠂ ᠨᠢᠭᠡᠨ ᠲᠠᠨᠢᠯ ᠪᠤᠰᠤ ᠬᠥᠮᠥᠨ ᠲᠡᠬᠦᠨ ᠢ ᠸᠢᠴᠠᠲ ᠤᠨ ᠨᠠᠶᠢᠵᠠ | ᠪᠠᠷ ᠨᠡᠮᠡᠭᠰᠡᠨ ᠪᠥᠭᠡᠳ ᠥᠪᠡᠷ ᠢ ᠪᠠᠨ ᠠᠯᠢ ᠨᠢᠭᠡᠨ ᠪᠠᠯᠭᠠᠰᠤᠨ ᠤ ᠤᠳᠤᠷᠢᠳᠤᠯᠭ᠎ᠠ ᠪᠠᠶᠢᠭ᠎ᠠ᠂ ᠸᠢᠴᠠᠲ ᠢᠶᠠᠷ | ᠶᠠᠷᠢᠬᠤ ᠳᠤ ᠳᠥᠭᠦᠮ ᠦᠭᠡᠢ ᠭᠡᠳ ︽ᠴᠤᠤᠷᠢᠶ᠎ᠠ︾ ᠲᠠᠪᠴᠠᠩ ᠢᠶᠠᠷ ᠪᠠᠶᠢᠳᠠᠯ ᠢᠶᠠᠨ ᠶᠠᠷᠢᠶ᠎ᠠ ᠭᠡᠪᠡ᠃ ᠰᠠᠶᠢᠨ | ᠨᠠᠶᠢᠵᠠ ᠪᠠᠷ ᠨᠡᠮᠡᠭᠰᠡᠨ ᠤ ᠲᠠᠷᠠᠭ᠎ᠠ ᠨᠥᠭᠦᠭᠡ ᠬᠦᠮᠦᠨ ᠨᠢᠦ ᠠᠪᠠᠭ᠋ᠠᠢ ᠳᠤ ︽ ᠪᠠᠴᠢᠮ ᠵᠠᠷᠤᠳᠠᠯ ᠲᠠᠢ ᠪᠤᠯᠤᠯ᠎ᠠ᠂ | ᠤᠷᠢᠳᠠᠪᠠᠷ 3 ᠲᠦᠮᠡᠨ ᠲᠥᠭᠦᠷᠢᠭ ᠰᠢᠯᠵᠢᠬᠦᠯᠦᠭᠡᠳ ᠦᠭᠬᠦᠭᠡᠴᠢ︾ ᠭᠡᠵᠡᠢ᠃ ᠨᠢᠦ ᠠᠪᠠᠭ᠋ᠠᠢ ᠳᠠᠷᠠᠭ᠎ᠠ | ᠡᠳᠦᠷ ᠤᠨ ᠬᠢᠨᠢ ᠦᠳᠡ ᠶᠢᠨ ᠡᠮᠦᠨ᠎ᠡ ᠶᠢᠨ 10 ᠴᠠᠭ ᠤᠨ ᠦᠶ᠎ᠡ ᠪᠠᠷ ᠨᠥᠭᠦᠭᠡ ᠬᠦᠮᠦᠨ ᠤ ᠬᠠᠩᠭᠠᠭᠰᠠᠨ | ᠪᠠᠩᠬᠢ ᠶᠢᠨ ᠳᠠᠩᠰᠠᠨ ᠡᠷᠦᠬᠡ ᠳᠤ 3 ᠲᠦᠮᠡᠨ ᠲᠥᠭᠦᠷᠢᠭ ᠰᠢᠯᠵᠢᠬᠦᠯᠪᠡ᠃ ᠲᠡᠭᠡᠬᠦ ᠳᠤ ᠨᠥᠭᠦᠭᠡ ᠬᠦᠮᠦᠨ | ᠪᠠᠰᠠ 27 ᠲᠦᠮᠡᠨ ᠲᠥᠭᠦᠷᠢᠭ ᠬᠡᠷᠡᠭᠰᠡᠨ᠎ᠡ ᠭᠡᠪᠡ᠃ ᠨᠢᠦ ᠠᠪᠠᠭ᠋ᠠᠢ ᠤᠳᠤᠷᠢᠳᠤᠯᠭ᠎ᠠ ᠳᠠᠭᠠᠨ ᠤᠲᠠᠰᠤ ᠠᠪᠴᠤ | ᠯᠠᠪᠯᠠᠭᠰᠠᠨ ᠤ ᠳᠠᠷᠠᠭ᠎ᠠ ᠰᠠᠶ᠋ᠢ ᠮᠡᠬᠡᠯᠡᠭᠳᠡᠭᠰᠡᠨ ᠢᠶᠠᠨ ᠮᠡᠳᠡᠭᠡᠳ ᠲᠡᠷᠡ ᠳᠣᠣᠷ᠎ᠠ ᠨᠢ ᠴᠠᠭᠳᠠᠭ᠎ᠠ ᠳᠤ ᠮᠡᠳᠡᠭᠦᠯᠵᠡᠢ᠃ | ᠳᠣᠲᠣᠭᠠᠳᠤ ᠶᠢ ᠬᠠᠮᠠᠭᠠᠯᠠᠬᠤ ᠲᠤᠪᠴᠢᠶᠠᠨ ᠤ ᠬᠢᠨ ᠮᠡᠳᠡᠬᠦᠯᠦᠯᠳᠡ ᠶᠢ ᠲᠤᠰᠤᠮᠠᠭᠴᠠ ᠲᠠᠷᠤᠶᠢᠬᠠᠨ ᠬᠦᠳᠡᠯᠦᠯᠴᠡᠵᠦ᠂ | ᠬᠡᠷᠡᠭ ᠲᠤ ᠬᠤᠯᠪᠣᠭᠳᠠᠭᠰᠠᠨ ᠳᠠᠩᠰᠠᠨ ᠡᠷᠦᠬᠡ ᠶᠢ ᠵᠤᠭᠰᠤᠭᠠᠬᠤ ᠪᠠ ᠪᠡᠯᠡ ᠮᠥᠩᠭᠦ ᠶᠢ ᠥᠯᠥ ᠬᠥᠳᠡᠯᠭᠡᠬᠦ | ᠠᠵᠢᠯ ᠢ ᠬᠢᠪᠡ᠃ ᠡᠶᠢᠨ ᠬᠦ᠋᠂ ᠬᠤᠶᠠᠷ ᠰᠠᠷ᠎ᠠ ᠶᠢᠨ ᠴᠢᠷᠮᠠᠶᠢᠯᠭ᠎ᠠ ᠪᠠᠷ ᠲᠠᠮᠵᠢᠭᠠᠳ ᠮᠡᠭᠡᠯᠡᠭᠳᠡᠨ ᠰᠢᠯᠵᠢᠬᠦᠯᠦᠭᠰᠡᠨ | ᠪᠡᠯᠡ ᠮᠥᠩᠭᠦ ᠶᠢ ᠨᠢᠦ ᠠᠪᠠᠭ᠋ᠠᠢ ᠶᠢᠨ ᠲᠠᠩᠰᠠᠨ ᠡᠷᠦᠬᠡ ᠳᠤ ᠠᠮᠵᠢᠯᠲᠠᠲᠠᠢ ᠪᠤᠴᠠᠭᠠᠭᠰᠠᠨ ᠪᠠᠶᠢᠨ᠎ᠠ᠃ 2023 | ᠣᠨ ᠤ 10 ᠰᠠᠷ᠎ᠠ ᠶᠢᠨ 23 ᠤ ᠡᠳᠦᠷ᠂ ᠨᠢᠦ ᠠᠪᠠᠭ᠋ᠠᠢ ︽ᠡᠭᠦᠷᠭᠡ ᠬᠠᠷᠢᠭᠤᠴᠠᠯᠭ᠎ᠠ ᠪᠠᠨ ᠬᠢᠨᠠᠮᠠᠭᠠᠢ | ᠬᠦᠢᠴᠡᠳᠭᠡᠭᠰᠡᠨ ᠠᠷᠠᠳ ᠤᠨ ᠴᠠᠭᠳᠠᠭ᠎ᠠ ᠦᠨᠡᠭᠡᠷ ᠮᠠᠭᠳᠠᠭᠤᠰᠢᠳᠠᠢ︾ ᠬᠡᠮᠡᠬᠦ ᠠᠯᠳᠠᠨ ᠦᠰᠦᠭ ᠲᠠᠢ ᠬᠡᠮᠡᠷᠯᠢᠭ | ᠲᠤᠭ ᠢ ᠳᠣᠲᠣᠭᠠᠳᠤ ᠶᠢ ᠬᠠᠮᠠᠭᠠᠯᠠᠬᠤ ᠲᠤᠪᠴᠢᠶᠠᠨ ᠳᠤ ᠬᠦᠷᠭᠡᠨ ᠢᠷᠡᠵᠦ ᠪᠠᠶᠠᠷ ᠲᠠᠯᠠᠷᠬᠠᠯ ᠢᠶᠠᠨ | ᠢᠯᠡᠷᠭᠡᠶᠢᠯᠡᠵᠡᠢ᠃ | ᠬᠠᠯᠠᠭᠤᠨ ᠳᠣᠲᠣᠨᠣ ᠰᠠᠨᠠᠭᠤᠯᠤᠮᠵᠢ᠄ ᠮᠡᠬᠡᠯᠡᠭᠴᠢ ᠪᠣᠯ ᠬᠦᠮᠦᠰ ᠤᠨ ᠠᠰᠢᠭ ᠬᠤᠤᠷ ᠤᠨ ᠦᠵᠡᠯ ᠪᠠ ᠠᠮᠠᠷᠬᠠᠨ | ᠢᠲᠡᠭᠡᠬᠦ ᠮᠢᠨᠴᠦᠬᠦᠷᠡᠮᠡᠯ ᠰᠡᠳᠬᠢᠯᠭᠡ ᠶᠢ ᠠᠰᠢᠭᠯᠠᠨ ᠮᠡᠬᠡᠨ ᠳᠡᠭᠡᠨ ᠣᠷᠣᠭᠤᠯᠵᠤ ᠮᠡᠬᠡᠯᠡᠯ ᠤᠨ ᠶᠠᠯᠠᠲᠤ ᠠᠵᠢᠯᠯᠠᠭ᠎ᠠ | ᠬᠢᠳᠡᠭ ᠶᠤᠮ᠃ ᠪᠢᠳᠡ ᠡᠳᠦᠷ ᠲᠤᠳᠤᠮ ᠤᠨ ᠠᠵᠢᠯ ᠠᠮᠢᠳᠤᠷᠠᠯ ᠤᠨ ᠳᠤᠮᠳᠠ ᠪᠠᠨ ᠳᠣᠣᠷᠠᠬᠢ ᠬᠡᠳᠦᠨ ᠲᠠᠯ᠎ᠠ ᠪᠠᠷ | ᠰᠣᠨᠣᠷ ᠰᠡᠷᠡᠮᠵᠢ ᠪᠠᠨ ᠳᠡᠭᠡᠭᠰᠢᠯᠡᠭᠦᠯᠵᠦ᠂ ᠰᠡᠷᠭᠡᠶᠢᠯᠡᠯᠳᠡ ᠪᠠᠨ ᠴᠢᠩᠭᠠᠳᠬᠠᠨ᠂ ᠮᠡᠬᠡᠯᠡᠯ ᠠᠴᠠ ᠵᠠᠶᠢᠯᠠᠰᠬᠢᠬᠦ | ᠬᠡᠷᠡᠭᠲᠡᠢ᠃ | 1. ︽ᠠᠰᠢᠭ ᠲᠤ ᠰᠢᠨᠤᠬᠠᠶᠢᠷᠠᠬᠤ︾ ᠦᠵᠡᠯ ᠰᠠᠨᠠᠭ᠎ᠠ᠂ ᠠᠮᠠᠷᠬᠠᠨ ᠢᠳᠡᠭᠡᠬᠦ ᠮᠢᠨᠴᠦᠬᠦᠷᠡᠮᠡᠯ ᠪᠤᠳᠤᠯ ᠢ | ᠲᠡᠪᠴᠢᠵᠦ᠂ ᠴᠠᠭ ᠢᠮᠠᠭᠳᠠ ᠮᠡᠬᠡᠯᠡᠭᠳᠡᠬᠦ ᠠᠴᠠ ᠬᠢᠴᠢᠶᠡᠬᠦ ᠬᠡᠷᠡᠭᠲᠡᠢ᠃ | 2.ᠥᠪᠡᠷ ᠤᠨ ᠪᠡᠶ᠎ᠡ ᠪᠤᠶᠤ ᠭᠡᠷ ᠤᠨ ᠬᠥᠮᠥᠰ ᠤᠨ ᠢᠶᠠᠨ ᠮᠡᠳᠡᠭᠡ ᠵᠠᠩᠬᠢ ᠶᠢᠨ ᠪᠤᠰᠤᠳ ᠲᠤ ᠬᠢᠯᠪᠠᠷᠬᠠᠨ ᠢᠶᠠᠷ | ᠵᠠᠳᠠᠷᠠᠭᠤᠯᠵᠤ ᠪᠣᠯᠬᠤ ᠦᠭᠡᠢ᠃ | 3. ᠰᠡᠵᠢᠭᠯᠡᠯ ᠲᠠᠢ ᠬᠦᠮᠦᠨ ᠢ ᠰᠣᠬᠤᠷ ᠪᠠᠯᠠᠢ ᠪᠠᠷ ᠠᠮᠠᠷᠬᠠᠨ ᠢᠲᠡᠭᠡᠵᠦ ᠪᠣᠯᠬᠤ ᠦᠭᠡᠢ᠂ ᠰᠢᠯᠭᠠᠨ ᠭᠡᠷᠡᠴᠢᠯᠡᠬᠦ | ᠠᠵᠢᠯ ᠢ ᠢᠯᠡᠬᠦᠭᠡᠨ ᠬᠢᠬᠦ ᠬᠡᠷᠡᠭᠲᠡᠢ᠃ | 4. ᠪᠠᠩᠬᠢ ᠶᠢᠨ ᠺᠠᠷᠲ ᠪᠠ ᠪᠠᠩᠬᠢ ᠶᠢᠨ ᠠᠦ᠋ᠲ᠋ᠣ᠋ ᠮᠠᠰᠢᠨ ᠢ ᠵᠥᠪ ᠭᠡᠷᠡᠭᠯᠡᠵᠦ ᠰᠤᠷᠬᠤ ᠬᠡᠷᠡᠭᠲᠡᠢ᠃ | 5. ᠬᠡᠷᠪᠡ ᠮᠠᠳᠠᠭ ᠲᠠᠢ ᠪᠣᠯ ᠳᠠᠷᠤᠶᠢᠬᠠᠨ 110 ᠳᠤ ᠤᠲᠠᠰᠤᠳᠠᠵᠤ ᠴᠠᠭᠳᠠᠭ᠎ᠠ ᠳᠤ ᠮᠡᠳᠡᠭᠦᠯᠬᠦ ᠬᠡᠷᠡᠭᠲᠡᠢ᠃ |