ᠰᠣᠶᠣᠯ ᠢᠶᠠᠷ ᠠᠰᠢᠭ ᠬᠦᠷᠲᠡᠭᠡᠵᠦ ᠠᠷᠠᠳ ᠤᠨ ᠰᠡᠳᠬᠢᠯ ᠢ ᠳᠤᠯᠠᠭᠠᠴᠠᠭᠤᠯᠤᠨ᠎ᠠ
ᠨᠡᠶᠢᠲᠡᠯᠡᠭᠰᠡᠨ ᠴᠠᠭ᠄
2023/1/12
 ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠤᠬᠠᠭᠤᠯᠵᠤ᠂  ᠨᠡᠶᠢᠭᠡᠮ ᠵᠢᠷᠤᠮ ᠤᠨ  ᠭᠤᠤᠯᠯᠠᠭᠴᠢ ᠥᠷᠲᠡᠭ ᠤᠨ ᠦᠵᠡᠯᠲᠡ   ᠶᠢ  ᠦᠢᠯᠡᠳᠦᠯᠬᠡᠵᠢᠬᠦᠯᠦᠨ᠂ ᠳᠤᠮᠳᠠᠳᠤ   ᠶᠢᠨ ᠤᠯᠠᠮᠵᠢᠯᠠᠯᠲᠤ ᠰᠣᠶᠣᠯ   ᠢ  ᠳᠡᠯᠭᠡᠷᠡᠭᠦᠯᠵᠦ᠂ ᠪᠠᠶᠠᠷ ᠬᠥᠷ ᠲᠠᠢ᠂ ᠥᠯᠵᠡᠢ ᠪᠡᠯᠭᠡ ᠲᠠᠢ ᠴᠠᠭᠠᠨ ᠰᠠᠷ᠎ᠠ   ᠶᠢᠨ ᠠᠭᠤᠷ ᠠᠮᠢᠰᠬᠤᠯ   ᠢ ᠪᠤᠶ ᠪᠤᠯᠭᠠᠬᠤ ᠶᠢᠨ ᠲᠦᠯᠦᠭᠡ᠂ 1 ᠰᠠᠷ᠎ᠠ ᠶᠢᠨ 10 ᠤ ᠡᠳᠦᠷ ᠲᠠᠶᠢᠹᠤᠰᠧ ᠬᠤᠰᠢᠭᠤᠨ ᠤ ᠤᠯᠠᠭᠠᠨᠮᠥ᠋ᠴᠢᠷ ᠤᠨ ᠲᠣᠭᠯᠠᠭᠴᠢ ᠪᠣᠯᠣᠨ ᠰᠣᠶᠣᠯ ᠤᠨ ᠣᠷᠳᠣᠨ ᠤ ᠠᠵᠢᠯᠲᠠᠳ ᠪᠤᠤᠴᠠᠩ ᠪᠠᠯᠭᠠᠰᠤᠨ ᠤ ᠪᠢᠶᠠᠨ ᠴᠢᠶᠠᠩ ᠲᠣᠰᠬᠤᠨ ᠳᠤ ᠬᠦᠷᠴᠦ᠂ ︽ᠮᠠᠨ ᠤ ᠳᠤᠮᠳᠠᠳᠤ ᠶᠢᠨ ᠵᠡᠭᠦᠳᠦ ︱ ᠰᠣᠶᠣᠯ ᠢ ᠲᠦᠮᠡᠨ ᠡᠷᠦᠬᠡ ᠳᠤ ᠬᠦᠷᠭᠡᠬᠦ︾ ᠭᠤᠣᠯ ᠰᠡᠳᠦᠪ ᠢᠶᠠᠷ ᠲᠣᠬᠤᠨᠢᠭᠤᠯᠬᠤ ᠲᠣᠭᠯᠠᠯᠲᠠ ᠭᠠᠷᠭᠠᠭᠰᠠᠨ ᠪᠠᠶᠢᠨ᠎ᠠ᠃  ᠲᠣᠭᠯᠠᠯᠲᠠ ᠶᠢᠨ ᠠᠭᠤᠯᠭ᠎ᠠ ᠳᠤ ᠤᠯᠠᠨ ᠤ ᠦᠵᠡᠵᠦ ᠰᠣᠨᠢᠷᠬᠠᠬᠤ ᠳᠤᠷᠠᠲᠠᠢ ᠳᠠᠭᠤᠤ ᠪᠥᠵᠢᠭ  ᠂ ᠮᠣᠷᠢᠨ ᠬᠤᠭᠤᠷ ᠂  ᠬᠤᠤᠰᠯᠠᠯ ᠵᠦᠴᠦᠭᠡ  ᠪᠠᠶᠢᠬᠤ ᠠᠴᠠ ᠭᠠᠳᠠᠨ᠎ᠠ᠂  ᠠᠬᠤᠢ ᠲᠠᠯᠠᠪᠠᠢ ᠳᠤ ᠣᠷᠣᠨ ᠤ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠤᠯᠠᠮᠵᠢᠯᠠᠭᠴᠢ ᠠᠴᠠ ᠲᠣᠰᠬᠤᠨ ᠤ ᠠᠷᠠᠳ ᠲᠤ ᠬᠤᠣᠰ ᠤᠶᠠᠩᠭ᠎ᠠ ᠪᠢᠴᠢᠵᠦ᠂ ᠴᠣᠩᠬᠤᠨ ᠬᠤᠸᠠᠷ ᠬᠠᠶᠢᠴᠢᠯᠠᠵᠤ ᠦᠭᠬᠦᠭᠡᠳ᠂  ᠠᠷᠠᠳ ᠤᠯᠠᠨ ᠤ ᠠᠮᠢᠳᠤᠷᠠᠯ ᠳᠤ ᠣᠶᠢᠷᠠᠳᠴᠤ᠂ ᠲᠠᠷᠢᠶᠠᠴᠢᠳ ᠤᠨ ᠪᠠᠭ᠋ᠠᠷᠬᠠᠯ ᠬᠦᠷᠢᠶᠡᠯᠡᠯ ᠢ ᠣᠯᠣᠭᠰᠠᠨ ᠪᠠᠶᠢᠯ᠎ᠠ᠃ ᠴᠠᠭᠠᠨ ᠰᠠᠷ᠎ᠠ ᠬᠦᠷᠴᠦ ᠢᠷᠡᠬᠦ ᠲᠠᠰᠢᠷᠠᠮ ᠳᠤ  ᠂ ᠲᠠᠶᠢᠹᠤᠰᠧ ᠬᠤᠰᠢᠭᠤᠨ ᠤ ᠬᠢᠨ ᠰᠣᠶᠣᠯ ᠢᠶᠠᠷ ᠠᠷᠠᠳ ᠲᠤ ᠠᠰᠢᠭ ᠬᠦᠷᠲᠡᠭᠡᠬᠦ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠵᠦ᠂  ᠣᠯᠠᠨ ᠲᠦᠮᠡᠨ ᠤ ᠦᠵᠡᠵᠦ ᠰᠣᠨᠢᠷᠬᠠᠬᠤ ᠳᠤᠷᠠᠲᠠᠢ ᠤᠷᠠᠨ ᠰᠠᠶᠢᠬᠠᠨ ᠤ ᠲᠣᠭᠯᠠᠯᠲᠠ ᠪᠠᠷ ᠲᠠᠮᠵᠢᠭᠠᠳ᠂ ᠪᠠᠶᠠᠷ ᠪᠠᠶᠠᠰᠤᠯ ᠪᠠ ᠪᠣᠯᠪᠠᠰᠤᠨ ᠢ ᠲᠦᠭ ᠲᠦᠮᠡᠨ ᠠᠶᠢᠯ ᠡᠷᠦᠬᠡ ᠳᠤ ᠬᠦᠷᠭᠡᠵᠦ᠂ ᠨᠠᠮ ᠤᠨ ᠲᠠᠭᠤᠨ ᠪᠠ ᠬᠠᠶᠢᠷ᠎ᠠ ᠬᠠᠯᠠᠮᠵᠢ ᠶᠢ ᠠᠷᠠᠳ ᠲᠦᠮᠡᠨ ᠤ ᠰᠡᠳᠬᠢᠯ ᠳᠤ ᠲᠠᠮᠵᠢᠭᠤᠯᠤᠨ᠂  ᠨᠠᠶᠢᠷ ᠬᠦᠷ ᠲᠠᠢ ᠪᠠᠶᠠᠷ ᠤᠨ ᠡᠳᠦᠷ ᠤᠨ ᠠᠭᠤᠷ ᠠᠮᠢᠰᠬᠤᠯ ᠢ ᠪᠣᠶ ᠪᠤᠯᠭᠠᠬᠤ ᠪᠠᠷ ᠪᠠᠶᠢᠨ᠎ᠠ᠃  
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号