ᠲᠦᠮᠦᠰᠦ ᠨᠤᠭᠤᠭᠠᠨ ᠤ ᠡᠯᠪᠡᠭ ᠬᠤᠷᠢᠶᠠᠯᠳᠠ  ᠲᠦᠷᠭᠡᠨ ᠪᠠᠶᠠᠵᠢᠬᠤ ᠶᠢᠨ ᠲᠦᠳᠡ ᠵᠠᠮ
ᠨᠡᠶᠢᠲᠡᠯᠡᠭᠰᠡᠨ ᠴᠠᠭ᠄
2022/9/28
   ᠣᠶᠢᠷ᠎ᠠ ᠶᠢᠨ ᠡᠳᠦᠷ ᠤᠳ ᠲᠤ᠂ ᠥᠪᠥᠷ ᠮᠣᠩᠭᠤᠯ ᠤᠨ  ᠳ᠋ᠧ ᠹᠧᠩ ᠶᠤᠸᠠᠨ ᠲᠠᠷᠢᠶᠠᠯᠠᠩ ᠤᠨ ᠮᠡᠷᠭᠡᠵᠢᠯ ᠤᠨ ᠬᠢᠵᠠᠭᠠᠷᠲᠤ ᠺᠣᠮᠫᠠᠨᠢ ᠶᠢᠨ ᠲᠥᠮᠥᠰᠥ ᠲᠠᠷᠢᠬᠤ ᠰᠠᠭᠤᠷᠢᠨ ᠭᠠᠵᠠᠷ ᠲᠤ ᠡᠯᠪᠡᠭ ᠬᠤᠷᠢᠶᠠᠯᠲᠠ ᠶᠢᠨ ᠡᠭᠡᠰᠢᠭ ᠲᠠᠭᠤᠤ ᠬᠠᠩᠬᠢᠨᠠᠵᠤ  ᠂  ᠬᠠᠳᠤᠵᠤ ᠬᠤᠷᠢᠶᠠᠬᠤ ᠮᠠᠰᠢᠨ ᠲᠷᠠᠺᠲ᠋ᠤᠷ ᠲᠠᠷᠢᠶᠠᠨ ᠭᠠᠵᠠᠷ ᠢᠶᠠᠷ ᠬᠦᠷᠴᠢᠭᠢᠨᠡᠨ ᠲᠠᠪᠬᠢᠯᠳᠤᠵᠤ  ᠂  ᠬᠦᠯᠦᠰᠦᠨ ᠠᠵᠢᠯᠴᠢᠳ ᠤᠷᠪᠠᠭᠤᠯᠵᠤ ᠭᠠᠷᠭᠠᠭᠰᠠᠨ ᠲᠥᠮᠥᠰᠥ  ᠶᠢ  ᠲᠡᠬᠦᠵᠦ ᠤᠭᠤᠳᠠᠯᠠᠬᠤ᠂  ᠲᠡᠭᠡᠭᠡᠵᠦ ᠵᠦᠬᠡᠬᠡᠪᠦᠷᠢᠯᠡᠬᠦ ᠠᠵᠢᠯ ᠳᠤ ᠤᠨᠠᠭᠰᠠᠨ ᠮᠠᠯᠠᠭᠠᠢ ᠰᠢᠬᠦᠷᠬᠦ ᠵᠠᠪ ᠦᠬᠡᠢ ᠶᠠᠭᠠᠷᠠᠯᠳᠤᠨ᠎ᠠ᠃     ᠳ᠋ᠧ ᠹᠧᠩ ᠶᠤᠸᠠᠨ ᠺᠣᠮᠫᠠᠨᠢ ᠶᠢᠨ ᠡᠵᠡᠩᠨᠡᠯᠲᠡ ᠶᠢᠨ ᠬᠡᠯᠲᠡᠰ ᠤᠨ ᠶᠡᠷᠦᠩᠬᠡᠢ ᠳᠠᠭᠠᠭᠠᠮᠠᠯ ᠸᠠᠩ ᠰᠢᠶᠣᠣ ᠯᠧᠢ᠄ ︽ᠣᠳᠣᠬᠠᠨ ᠶᠠᠭ  ᠸᠧ ᠲᠦ᠋ 5 ᠨᠣᠮᠧᠷᠲᠤ ᠦᠷ᠎ᠡ ᠶᠢᠨ ᠲᠥᠮᠥᠰᠥ ᠶᠢ ᠬᠤᠷᠢᠶᠠᠵᠤ ᠡᠬᠢᠯᠡᠭᠰᠡᠨ᠂ ᠡᠨᠡ ᠵᠢᠯ  ᠮᠠᠨ  ᠤ ᠺᠤᠮᠫᠠᠨᠢ 500 ᠮᠦ ᠦᠷ᠎ᠡ ᠶᠢᠨ ᠲᠥᠮᠥᠰᠥ  ᠂ 2600 ᠮᠦ ᠲᠠᠸᠠᠷ ᠤᠨ ᠲᠥᠮᠥᠰᠥ ᠲᠠᠷᠢᠵᠠᠢ  ᠂ ᠦᠷ᠎ᠡ ᠶᠢᠨ ᠲᠦᠮᠦᠰᠦᠨ ᠤ ᠤᠨᠠᠯᠲᠠ ᠮᠦ ᠪᠦᠷᠢ ᠳᠤᠮᠳᠠᠴᠢ ᠪᠠᠷ 3.8 ᠲᠣᠨ ᠣᠷᠴᠢᠮ  ᠂ ᠲᠠᠸᠠᠷ ᠤᠨ ᠲᠦᠮᠦᠰᠦᠨ ᠤ  ᠤᠨᠠᠯᠳᠠ 4 ᠲᠣᠨ ᠣᠷᠴᠢᠮ᠂ ᠬᠠᠷᠢᠴᠠᠩᠭᠤᠢ ᠪᠠᠷ ᠪᠠᠰᠠ ᠨᠡᠯᠢᠶᠡᠳ ᠰᠠᠶᠢᠨ ᠪᠠᠶᠢᠭ᠎ᠠ᠃ ᠣᠳᠣᠬᠠᠨ ᠪᠠᠷᠤᠭ 15000 ᠲᠣᠨ ᠬᠤᠷᠢᠶᠠᠵᠤ ᠬᠦᠮᠦᠷᠭᠡᠯᠡᠵᠡᠢ᠂ ᠰᠠᠷ᠎ᠠ ᠶᠢᠨ ᠰᠡᠭᠦᠯᠴᠢ ᠪᠠᠷ ᠪᠦᠬᠦᠨ ᠢ ᠬᠤᠷᠢᠶᠠᠵᠤ ᠳᠠᠭᠤᠰᠬᠠᠨ᠎ᠠ᠂ 10 ᠰᠠᠷ᠎ᠠ ᠶᠢᠨ 20 ᠤ ᠡᠳᠦᠷ ᠠᠴᠠ ᠡᠬᠢᠯᠡᠭᠡᠳ ᠥᠪᠡᠷ ᠤᠨ ᠦᠢᠯᠡᠳᠪᠦᠷᠢ ᠶᠢᠨ ᠲᠠᠰᠤᠭ ᠲᠠᠭᠠᠨ ᠲᠦᠮᠦᠰᠦᠨ ᠤ ᠠᠩᠬᠠᠨ ᠤ ᠪᠣᠯᠪᠠᠰᠤᠷᠠᠭᠤᠯᠤᠯᠲᠠ ᠶᠢ ᠬᠢᠵᠦ᠂ ᠵᠠᠯᠭᠠᠭ᠎ᠠ ᠪᠠᠷ ᠵᠠᠬ᠎ᠠ ᠳᠡᠯᠭᠡᠭᠦᠷ ᠲᠤ ᠭᠠᠷᠭᠠᠵᠤ ᠪᠠᠶᠢᠨ᠎ᠠ︾᠃    ᠥᠪᠥᠷ ᠮᠣᠩᠭᠤᠯ ᠤᠨ ᠳ᠋ᠧ ᠹᠧᠩ ᠶᠤᠸᠠᠨ ᠲᠠᠷᠢᠶᠠᠯᠠᠩ ᠤᠨ ᠮᠡᠷᠭᠡᠵᠢᠯ ᠤᠨ ᠬᠢᠵᠠᠭᠠᠷᠲᠤ ᠺᠣᠮᠫᠠᠨᠢ 2016 ᠣᠨ ᠳᠤ ᠪᠠᠶᠢᠭᠤᠯᠤᠭᠳᠠᠭᠰᠠᠨ ᠠᠴᠠ ᠨᠠᠰᠢ᠂ ᠲᠠᠶᠢᠹᠤᠰᠧ ᠬᠤᠰᠢᠭᠤᠨ ᠤ ᠥᠪᠡᠷᠮᠢᠴᠡ ᠠᠭᠤᠷ ᠠᠮᠢᠰᠬᠤᠯ ᠪᠠ ᠭᠠᠵᠠᠷ ᠣᠷᠣᠨ ᠤ ᠨᠥᠬᠦᠴᠡᠯ ᠳᠤ ᠲᠦᠰᠢᠭᠯᠡᠨ᠂ ᠦᠢᠯᠡᠳᠪᠦᠷᠢᠯᠡᠯ ᠤᠨ ᠮᠡᠷᠭᠡᠵᠢᠯ ᠢᠶᠠᠨ  ᠲᠠᠰᠤᠷᠠᠯᠳᠠ ᠦᠬᠡᠢ ᠰᠠᠶᠢᠵᠢᠷᠠᠭᠤᠯᠵᠤ᠂ ᠬᠠᠮᠢᠶᠠᠷᠤᠯᠲᠠ ᠶᠢᠨ ᠲᠦᠪᠰᠢᠨ ᠢᠶᠠᠨ ᠦᠷᠬᠦᠯᠵᠢᠯᠡᠨ ᠲᠡᠭᠡᠭᠰᠢᠯᠡᠬᠦᠯᠦᠭᠡᠳ᠂ ᠨᠢᠭᠡᠨᠲᠡ ᠲᠠᠶᠢᠹᠤᠰᠧ ᠬᠤᠰᠢᠭᠤᠨ ᠤ ᠲᠥᠮᠥᠰᠥ ᠳᠠᠷᠢᠬᠤ  ᠵᠢᠴᠢ ᠬᠥᠮᠥᠷᠭᠡᠯᠡᠨ ᠬᠠᠳᠠᠭᠠᠯᠠᠬᠤ᠂  ᠡᠳ᠋ᠰᠢᠬᠦᠯᠦᠨ ᠪᠤᠯᠪᠠᠰᠤᠷᠠᠭᠤᠯᠬᠤ᠂  ᠬᠤᠳᠠᠯᠳᠤᠨ ᠪᠤᠷᠤᠯᠠᠭᠤᠯᠬᠤ ᠪᠥᠬᠦ ᠠᠵᠤ ᠦᠢᠯᠡᠰ ᠤᠨ ᠬᠡᠯᠬᠢᠶᠡᠵᠢᠭᠰᠡᠨ ᠦᠢᠯᠡᠳᠪᠦᠷᠢᠯᠡᠯ ᠤᠨ ᠠᠵᠤ ᠠᠬᠤᠶᠢᠯᠠᠯ ᠪᠣᠯᠤᠭᠰᠠᠨ ᠪᠠᠶᠢᠨ᠎ᠠ᠃ ᠡᠭᠦᠨ ᠠᠴᠠ ᠭᠠᠳᠠᠨ᠎ᠠ᠂  ᠲᠤᠰ ᠺᠣᠮᠫᠠᠨᠢ ᠨᠢ 40 ᠭᠠᠷᠤᠢ ᠲᠥᠮᠥᠰᠥ ᠳᠠᠷᠢᠬᠤ ᠡᠷᠦᠬᠡ ᠶᠢ ᠲᠠᠶᠢᠴᠢᠯᠠᠨ᠂  3 ᠲᠦᠮᠡᠨ ᠮᠦ ᠣᠷᠴᠢᠮ ᠲᠦᠮᠦᠰᠦ ᠲᠠᠷᠢᠭᠤᠯᠵᠤ᠂  ᠡᠳᠡᠭᠡᠷ  ᠲᠠᠷᠢᠶᠠᠴᠢᠨ ᠡᠷᠦᠬᠡ ᠳᠤ ᠮᠠᠲ᠋ᠧᠷᠢᠶᠠᠯ ᠂ ᠮᠡᠷᠭᠡᠵᠢᠯ ᠵᠢᠴᠢ  ᠪᠤᠷᠤᠯᠠᠭᠤᠯᠭ᠎ᠠ  ᠵᠡᠷᠭᠡ ᠪᠥᠬᠦ ᠶᠠᠪᠤᠴᠠ ᠶᠢᠨ ᠦᠢᠯᠡᠴᠢᠯᠡᠭᠡ  ᠬᠠᠩᠭᠠᠳᠠᠭ᠃  ᠲᠦᠮᠦᠰᠦᠨ ᠤ ᠶᠠᠰᠤ ᠴᠢᠨᠠᠷ ᠨᠢ ᠺᠣᠮᠫᠠᠨᠢ ᠶᠢᠨ ᠱᠠᠭᠠᠷᠳᠠᠯᠭ᠎ᠠ ᠳᠤ ᠬᠦᠷᠪᠡᠯ ᠺᠣᠮᠫᠠᠨᠢ ᠠᠴᠠ ᠬᠤᠳᠠᠯᠳᠤᠨ ᠠᠪᠴᠤ᠂ ᠲᠠᠷᠢᠶᠠᠴᠢᠨ ᠡᠷᠦᠬᠡ ᠶᠢᠨ ᠪᠡᠯᠡ ᠮᠥᠩᠭᠦ᠂ ᠮᠡᠷᠭᠡᠵᠢᠯ᠂ ᠪᠣᠷᠤᠯᠠᠭᠤᠯᠭ᠎ᠠ ᠵᠡᠷᠭᠡ ᠠᠯᠢ ᠣᠯᠠᠨ ᠠᠰᠠᠭᠤᠳᠠᠯ ᠢ  ᠰᠢᠢᠳᠪᠦᠷᠢᠯᠡᠭᠡᠳ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠬᠦᠯᠵᠦ  ᠂ ᠬᠠᠮᠲᠤ ᠪᠠᠷ ᠠᠰᠢᠭ ᠭᠥᠷᠳᠡᠬᠦ ᠶᠢ ᠪᠡᠶᠡᠯᠡᠬᠦᠯᠵᠦ ᠪᠠᠶᠢᠨ᠎ᠠ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号