ᠨᠡᠶᠢᠭᠡᠮ ᠤᠨ ᠠᠮᠤᠷ ᠲᠦᠪᠰᠢᠨ ᠤ ᠬᠠᠮᠢᠶᠠᠷᠤᠯᠲᠠ ᠡᠵᠡᠮᠳᠡᠯ ᠢ ᠦᠨᠡᠨ ᠬᠦ ᠴᠢᠩᠭᠠᠳᠬᠠᠵᠤ᠂ ᠡᠯ᠎ᠡ | ᠲᠥᠷᠥᠯ ᠤᠨ ᠬᠠᠤᠯᠢ ᠪᠤᠰᠤ ᠶᠠᠯᠠᠲᠤ ᠠᠵᠢᠯᠯᠠᠭ᠎ᠠ ᠶᠢ ᠪᠦᠲᠦᠮᠵᠢᠲᠡᠶ ᠰᠡᠷᠭᠡᠶᠢᠯᠡᠬᠦ ᠶᠢᠨ ᠲᠥᠯᠥᠭᠡ᠂ ᠲᠠᠶᠢᠹᠤᠰᠧ | ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠨᠢ ᠬᠠᠷᠢᠶ᠎ᠠ ᠣᠷᠣᠨ ᠤ ᠪᠠᠨ ᠪᠣᠳᠠᠲᠤ ᠪᠠᠶᠢᠳᠠᠯ ᠳᠤ | ᠰᠠᠭᠤᠷᠢᠯᠠᠨ᠂ ︽ᠬᠤᠶᠠᠷ ᠢ ᠴᠡᠪᠡᠷᠯᠡᠨ ᠠᠷᠢᠯᠭᠠᠵᠤ ᠬᠤᠶᠠᠷ ᠲᠤ ᠴᠣᠬᠢᠯᠲᠠ ᠥᠭᠬᠦ︾ ᠲᠤᠰᠬᠠᠢ ᠠᠵᠢᠯᠯᠠᠭ᠎ᠠ ᠶᠢ | ᠦᠷᠨᠢᠬᠦᠯᠵᠦ᠂ ᠬᠠᠤᠯᠢ ᠪᠤᠰᠤ ᠶᠠᠯᠠᠲᠤ ᠠᠵᠢᠯᠯᠠᠭ᠎ᠠ ᠶᠢ ᠪᠦᠲᠦᠮᠵᠢᠲᠡᠶ ᠪᠠᠷ ᠰᠦᠷᠳᠡᠭᠦᠯᠬᠦ ᠪᠠ ᠲᠡᠭᠦᠨ ᠳᠤ ᠴᠣᠬᠢᠯᠲᠠ | ᠥᠭᠴᠦ᠂ ︽ ᠲᠡᠷᠭᠡᠯ ᠰᠠᠷᠠᠨ ᠤ ᠪᠠᠶᠠᠷ︾ ᠤᠨ ᠬᠤᠭᠤᠴᠠᠭᠠᠨ ᠳᠠᠬᠢ ᠨᠡᠶᠢᠭᠡᠮ ᠤᠨ ᠠᠮᠤᠷ ᠲᠣᠭᠲᠠᠭᠤᠨ ᠪᠠᠶᠢᠳᠠᠯ ᠢ | ᠪᠥᠬᠦ ᠬᠦᠴᠦᠨ ᠢᠶᠠᠷ ᠬᠠᠮᠠᠭᠠᠯᠠᠨ᠂ ᠪᠣᠳᠠᠲᠤ ᠠᠵᠢᠯᠯᠠᠭ᠎ᠠ ᠪᠠᠷ ᠢᠶᠠᠨ ᠨᠠᠮ ᠤᠨ ᠬᠤᠷᠢᠳᠤᠭᠠᠷ ᠶᠡᠭᠡ ᠬᠤᠷᠠᠯ ᠤᠨ | ᠠᠮᠵᠢᠯᠲᠠ ᠲᠠᠢ ᠬᠤᠷᠠᠯᠳᠤᠬᠤ ᠶᠢ ᠤᠭᠳᠤᠵᠤ ᠪᠠᠶᠢᠨ᠎ᠠ᠃ ᠠᠵᠢᠯᠯᠠᠭᠠᠨ ᠤ ᠬᠤᠭᠤᠴᠠᠭᠠᠨ ᠳᠤ᠂ ᠰᠤᠷᠭᠠᠭᠤᠯᠢ ᠶᠢᠨ | ᠬᠦᠷᠢᠶ᠎ᠡ᠂ ᠡᠮᠨᠡᠯᠭᠡ ᠶᠢᠨ ᠬᠤᠷᠢᠶ᠎ᠠ ᠵᠡᠷᠭᠡ ᠭᠤᠣᠯᠳᠠᠯᠭ᠎ᠠ ᠲᠠᠢ ᠭᠠᠵᠠᠷ ᠤᠨ ᠠᠮᠤᠷ ᠲᠦᠪᠰᠢᠨ ᠤ ᠰᠡᠷᠭᠡᠶᠢᠯᠡᠯᠲᠡ ᠪᠠ | ᠴᠠᠭᠳᠠᠨ ᠪᠠᠶᠢᠴᠠᠭᠠᠬᠤ ᠡᠷᠴᠢᠮ ᠢ ᠴᠢᠩᠭᠠᠷᠠᠭᠤᠯᠵᠤ᠂ ᠠᠮᠤᠷ ᠢ ᠬᠠᠮᠠᠭᠠᠯᠠᠬᠤ ᠠᠷᠭ᠎ᠠ ᠪᠠᠷᠢᠯ ᠢ ᠨᠠᠶᠢᠳᠠᠪᠤᠷᠢᠵᠢᠭᠤᠯᠪᠠ | ᠃ ᠴᠠᠭᠳᠠᠨ ᠪᠠᠶᠢᠴᠠᠭᠠᠬᠤ ᠤᠨᠴᠠᠭᠠᠢ ᠴᠠᠭᠳᠠᠭ᠎ᠠ ᠶᠢᠨ ᠶᠡᠭᠡ ᠠᠩᠭᠢ ᠶᠢᠨ ᠬᠢᠨ ᠰᠤᠷᠭᠠᠭᠤᠯᠢ ᠶᠢᠨ ᠬᠦᠷᠢᠶ᠎ᠡ᠂ | ᠲᠡᠯᠬᠡᠬᠦᠷ ᠬᠤᠳᠠᠯᠳᠤᠭ᠎ᠠ ᠂ ᠴᠡᠴᠡᠷᠯᠢᠭ ᠲᠠᠯᠠᠪᠠᠢ ᠵᠡᠷᠭᠡ ᠬᠥᠮᠥᠨ ᠬᠠᠷ᠎ᠠ ᠤᠯᠠᠨ ᠴᠤᠭᠯᠠᠷᠠᠳᠠᠭ ᠭᠠᠵᠠᠷ ᠪᠠ ᠲᠡᠬᠦᠨ | ᠤ ᠡᠷᠬᠢᠨ ᠲᠣᠭᠤᠷᠢᠨ ᠳᠤ ᠲᠤᠭᠳᠠᠮᠠᠯ ᠬᠤᠭᠤᠴᠠᠭ᠎ᠠ ᠲᠠᠢ ᠲᠣᠭᠤᠷᠢᠨ ᠴᠠᠭᠳᠠᠵᠤ᠂ ᠬᠠᠤᠯᠢ ᠵᠥᠷᠢᠴᠡᠵᠦ ᠶᠠᠯ᠎ᠠ | ᠬᠢᠬᠦ ᠣᠷᠣᠨ ᠵᠠᠢ ᠶᠢ ᠬᠠᠮᠤᠭ ᠤᠨ ᠶᠡᠭᠡ ᠬᠡᠮᠵᠢᠶ᠎ᠡ ᠪᠠᠷ ᠪᠠᠭᠠᠰᠬᠠᠨ᠂ ᠶᠠᠯᠠᠲᠤ ᠠᠵᠢᠯᠯᠠᠭ᠎ᠠ ᠶᠢ ᠪᠦᠲᠦᠮᠵᠢᠲᠡᠢ | ᠰᠡᠷᠭᠡᠶᠢᠯᠡᠨ ᠬᠤᠷᠢᠭᠯᠠᠭᠰᠠᠨ ᠪᠠᠶᠢᠨ᠎ᠠ᠃ ᠬᠤᠲᠠ ᠪᠠᠯᠭᠠᠰᠤᠨ ᠤ ᠲᠣᠮᠢᠯᠠᠭᠰᠠᠨ ᠰᠠᠯᠪᠤᠷᠢ ᠶᠢᠨ ᠬᠢᠨ ᠬᠠᠷᠢᠶ᠎ᠠ | ᠣᠷᠣᠨ ᠤ ᠪᠠᠨ ᠵᠣᠴᠢᠳ ᠤᠨ ᠪᠠᠭᠤᠳᠠᠯ᠂ KTV᠂ ᠲᠡᠯᠬᠡᠬᠦᠷ ᠬᠤᠳᠠᠯᠳᠤᠭ᠎ᠠ᠂ ᠤᠬᠢᠶᠠᠯᠭ᠎ᠠ ᠶᠢᠨ ᠭᠠᠵᠠᠷ᠂ | ᠲᠣᠰᠣ ᠨᠡᠮᠡᠬᠦ ᠥᠷᠲᠡᠭᠡ ᠵᠡᠷᠭᠡ ᠭᠤᠣᠯᠳᠠᠯᠭ᠎ᠠ ᠲᠠᠢ ᠲᠠᠯᠠᠪᠤᠷ ᠲᠤ ᠴᠢᠩᠭ᠎ᠠ ᠪᠠᠶᠢᠴᠠᠭᠠᠯᠳᠠ ᠴᠡᠭᠴᠡᠯᠡᠯᠳᠡ ᠬᠢᠵᠦ᠂ | ᠭᠠᠯ ᠤᠨᠲᠠᠷᠠᠭᠠᠬᠤ ᠲᠦᠬᠦᠭᠡᠷᠦᠮᠵᠢ᠂ ᠬᠢᠨᠠᠨ ᠡᠵᠡᠮᠳᠡᠬᠦ ᠲᠥᠬᠦᠭᠡᠷᠦᠮᠵᠢ ᠵᠡᠷᠭᠡ ᠨᠢ ᠪᠦᠷᠢᠨ ᠬᠦᠢᠴᠡᠳ ᠪᠠᠶᠢᠬᠤ | ᠡᠰᠡᠬᠦ ᠶᠢ ᠭᠤᠣᠯᠳᠠᠯᠭ᠎ᠠ ᠲᠠᠢ ᠪᠠᠶᠢᠴᠠᠭᠠᠨ᠂ ᠪᠠᠶᠢᠴᠠᠭᠠᠵᠤ ᠭᠠᠷᠭᠠᠭᠰᠠᠨ ᠬᠡᠮ ᠰᠤᠭᠤᠭ ᠤᠨ ᠠᠰᠠᠭᠤᠳᠠᠯ ᠳᠤ | ᠲᠡᠷᠡ ᠲᠠᠷᠤᠢ ᠳᠤᠨᠢ ᠴᠡᠭᠴᠡᠯᠡᠨ ᠰᠠᠶᠢᠵᠢᠷᠠᠭᠤᠯᠬᠤ ᠱᠠᠭᠠᠷᠳᠠᠯᠭ᠎ᠠ ᠲᠠᠯᠪᠢᠵᠠᠢ᠃ ᠰᠢᠨ ᠬᠤᠸᠠ ᠲᠣᠮᠢᠯᠠᠭᠰᠠᠨ | ᠰᠠᠯᠪᠤᠷᠢ ᠨᠢ ᠨᠠᠷᠢᠨ ᠪᠠᠶᠢᠴᠠᠭᠠᠯᠳᠠ ᠪᠠᠷ ᠲᠠᠮᠵᠢᠭᠠᠳ᠂ ᠡᠳ᠋ ᠬᠥᠷᠥᠩᠭᠡ ᠳᠤ ᠬᠠᠯᠳᠠᠭᠰᠠᠨ 2 ᠬᠡᠷᠡᠭ ᠢ | ᠵᠠᠯᠭᠠᠭ᠎ᠠ ᠪᠠᠷ ᠪᠠᠶᠢᠴᠠᠭᠠᠨ ᠰᠢᠢᠳᠪᠦᠷᠢᠯᠡᠵᠦ᠂ ᠬᠤᠯᠠᠭᠠᠢ ᠳᠤ ᠠᠯᠳᠠᠭᠰᠠᠨ 900 ᠲᠥᠭᠦᠷᠢᠭ ᠤᠨ ᠪᠡᠯᠡᠨ ᠵᠣᠭᠤᠰ | ᠪᠠ ᠴᠠᠬᠢᠯᠭᠠᠨ ᠬᠥᠳᠡᠯᠭᠡᠭᠦᠷᠲᠦ ᠲᠡᠷᠭᠡ ᠶᠢ ᠨᠡᠬᠡᠮᠵᠢᠯᠡᠨ ᠠᠪᠴᠢᠷᠠᠭᠰᠠᠨ ᠪᠠᠶᠢᠨ᠎ᠠ᠃ ᠮᠠᠯᠵᠢᠬᠤ ᠲᠠᠷᠢᠶᠠᠯᠠᠬᠤ | ᠣᠷᠣᠨ ᠤ ᠲᠣᠮᠢᠯᠠᠭᠰᠠᠨ ᠰᠠᠯᠪᠤᠷᠢ ᠤᠳ ᠨᠢ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ᠂ ᠠᠵᠤ ᠠᠬᠤᠶᠢᠯᠠᠯ | ᠵᠡᠷᠭᠡ ᠳᠤ ᠬᠦᠨᠵᠡᠬᠡᠶᠢᠷᠡᠵᠦ᠂ ᠬᠥᠯᠥᠰᠦᠨ ᠠᠵᠢᠯᠴᠢᠨ ᠤ ᠴᠠᠯᠢᠩ ᠢ ᠲᠤᠳᠠᠭᠳᠠᠭᠤᠯᠤᠭᠰᠠᠨ ᠭᠡᠷᠡᠭ᠂ ᠤᠷᠤᠭ ᠭᠡᠷ | ᠪᠦᠯᠢ ᠶᠢᠨ ᠭᠡᠷᠡᠭ ᠂ ᠭᠠᠵᠠᠷ ᠰᠢᠷᠣᠢ ᠶᠢᠨ ᠬᠠᠮᠢᠶᠠᠳᠠᠢ ᠭᠡᠷᠡᠭ ᠵᠡᠷᠭᠡ ᠡᠯ᠎ᠡ ᠲᠦᠷᠦᠯ ᠤᠨ ᠵᠥᠷᠢᠴᠡᠯ ᠵᠢᠭᠤᠷᠠᠭᠠᠨ ᠢ | ᠪᠠᠶᠢᠴᠠᠭᠠᠨ ᠰᠢᠢᠳᠪᠦᠷᠢᠯᠡᠬᠦ ᠶᠢᠨ ᠬᠠᠮᠲᠤ ᠬᠠᠤᠯᠢ ᠴᠠᠭᠠᠵᠠ᠂ ᠵᠠᠬᠢᠳᠠᠯ ᠰᠣᠷᠪᠤᠯᠵᠢᠯᠠᠭ᠎ᠠ ᠶᠢᠨ ᠰᠠᠯᠠᠭ᠎ᠠ ᠮᠦᠴᠢᠷ ᠲᠠᠢ | ᠬᠤᠯᠪᠤᠭᠠᠯᠠᠨ᠂ ᠬᠠᠮᠳᠤᠷᠠᠨ ᠠᠵᠢᠯᠯᠠᠬᠤ ᠲᠣᠭᠲᠠᠴᠠ ᠶᠢ ᠪᠠᠶᠢᠭᠤᠯᠵᠤ᠂ ᠵᠦᠷᠢᠴᠡᠯ ᠢ ᠰᠢᠢᠳᠪᠦᠷᠢᠯᠡᠬᠦ ᠳᠤ | ᠢᠳᠡᠪᠬᠢᠳᠡᠢ ᠬᠠᠮᠵᠢᠯᠴᠠᠨ᠂ ᠬᠦᠨᠳᠦ ᠶᠡᠭᠡ ᠠᠶᠤᠯ ᠲᠦᠭᠰᠢᠭᠦᠷᠢ ᠶᠢ ᠰᠡᠷᠭᠡᠶᠢᠯᠡᠨ ᠠᠷᠢᠯᠭᠠᠵᠤ᠂ ᠨᠡᠶᠢᠭᠡᠮ ᠤᠨ ᠶᠡᠭᠡ | ᠲᠠᠯ᠎ᠠ ᠶᠢᠨ ᠲᠣᠭᠲᠠᠭᠤᠨ ᠪᠠᠶᠢᠳᠠᠯ ᠢ ᠪᠦᠬᠦ ᠬᠦᠴᠦᠨ ᠢᠶᠠᠷ ᠪᠠᠳᠤᠯᠠᠭᠰᠠᠨ ᠪᠠᠶᠢᠨ᠎ᠠ᠃ ᠤᠷᠴᠢᠮᠬᠠᠨ᠂ ᠴᠢᠶᠠᠨ ᠶᠢᠨ | ᠭᠧᠦ ᠲᠣᠮᠢᠯᠠᠭᠰᠠᠨ ᠰᠠᠯᠪᠤᠷᠢ ᠶᠢᠨ ᠬᠢᠨ ᠠᠮᠤᠷ ᠲᠦᠪᠰᠢᠨ ᠤ ᠶᠡᠭᠡ ᠪᠠᠶᠢᠴᠠᠭᠠᠯᠲᠠ ᠬᠢᠬᠦ ᠶᠠᠪᠤᠴᠠ ᠳᠠᠭᠠᠨ ᠨᠢᠭᠡ | ᠲᠠᠷᠢᠶᠠᠯᠠᠩ ᠤᠨ ᠰᠠᠭᠤᠷᠢᠨ ᠭᠠᠵᠠᠷ ᠨᠢ ᠲᠠᠷᠢᠶᠠᠴᠢᠨ ᠡᠷᠦᠬᠡ ᠶᠢᠨ ᠬᠦᠷᠢᠶᠡᠨ ᠳᠤ ᠶᠡᠭᠡ ᠬᠡᠮᠵᠢᠶᠡᠨ ᠤ ᠴᠠᠶᠢᠶ᠋ᠢᠦ | ᠲᠣᠰᠣ ᠬᠠᠳᠠᠭᠠᠯᠠᠵᠤ ᠪᠠᠶᠢᠭ᠎ᠠ ᠮᠦᠷᠳᠡᠭᠡᠨ ᠬᠠᠳᠠᠭᠠᠯᠠᠬᠤ ᠠᠷᠭ᠎ᠠ ᠨᠢ ᠪᠤᠷᠤᠭᠤ ᠪᠠᠶᠢᠵᠤ ᠂ ᠬᠦᠨᠳᠦ ᠨᠣᠴᠢᠲᠠᠢ ᠬᠡᠮ | ᠰᠤᠭᠤᠭ ᠣᠷᠣᠰᠢᠵᠤ ᠪᠠᠶᠢᠭ᠎ᠠ ᠶᠢ ᠤᠯᠵᠤ ᠢᠯᠡᠷᠡᠬᠦᠯᠵᠡᠢ᠃ ᠴᠠᠭᠳᠠᠭ᠎ᠠ ᠨᠠᠷ ᠲᠡᠷᠡ ᠳᠠᠷᠤᠢ ᠳᠤᠨᠢ ᠭᠠᠯ | ᠤᠨᠲᠠᠷᠠᠭᠠᠬᠤ ᠰᠠᠯᠠᠭ᠎ᠠ ᠮᠥᠴᠢᠷ ᠲᠤ ᠮᠡᠳᠡᠭᠳᠡᠵᠦ᠂ 2.5 ᠲᠣᠨ ᠴᠠᠶᠢᠶ᠋ᠢᠦ ᠲᠣᠰᠣ ᠶᠢ ᠲᠣᠬᠢᠲᠠᠢ ᠵᠠᠶᠢᠯᠠᠭᠤᠯᠤᠨ | ᠰᠢᠢᠳᠪᠦᠷᠢᠯᠡᠭᠰᠡᠨ ᠤ ᠬᠠᠮᠳᠤ᠂ ᠬᠠᠮᠢᠶ᠎ᠠ ᠪᠦᠬᠦᠢ ᠬᠠᠷᠢᠭᠤᠴᠠᠯᠭᠠᠲᠠᠨ ᠳᠤ ᠠᠮᠤᠷ ᠲᠦᠪᠰᠢᠨ ᠤ ᠬᠥᠮᠦᠵᠢᠯ ᠬᠢᠵᠦ᠂ | ᠠᠮᠤᠷ ᠲᠦᠪᠰᠢᠨ ᠤ ᠳᠠᠯᠳᠠ ᠬᠡᠮ ᠢ ᠠᠷᠢᠯᠭᠠᠨ᠂ ᠠᠮᠤᠷ ᠲᠦᠪᠰᠢᠨ ᠤ ᠤᠰᠤᠯ ᠠᠳᠡᠯ ᠢ ᠬᠤᠷᠢᠭᠯᠠᠵᠤ ᠴᠢᠳᠠᠭᠰᠠᠨ | ᠪᠠᠶᠢᠨ᠎ᠠ ᠃ |