8 ᠰᠠᠷ᠎ᠠ ᠶᠢᠨ 7 ᠤ ᠡᠳᠦᠷ᠂ ᠲᠠᠶᠢᠹᠤᠰᠧ ᠬᠤᠰᠢᠭᠤ ᠠᠶᠢᠮᠠᠭ ᠤᠨ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ | ᠰᠢᠪᠳᠤᠯᠤᠯᠳᠠ ᠶᠢᠨ ᠦᠷ᠎ᠡ ᠪᠦᠲᠦᠭᠡᠯ ᠢ ᠪᠠᠬᠢᠵᠢᠬᠦᠯᠦᠨ ᠦᠷᠭᠡᠳᠭᠡᠬᠦ ᠶᠢ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠯᠤᠭ᠎ᠠ ᠪᠦᠲᠦᠮᠵᠢᠲᠡᠶ ᠵᠣᠯᠭᠠᠭᠤᠯᠬᠤ ᠠᠵᠢᠯ ᠤᠨ ᠪᠠᠶᠢᠴᠠᠭᠠᠨ ᠰᠤᠳᠤᠯᠵᠤ ᠵᠢᠭᠠᠨ ᠵᠢᠯᠤᠭᠤᠳᠬᠤ | ᠳᠤᠭᠤᠶᠢᠯᠠᠩ ᠳᠤ ᠬᠠᠷᠢᠭᠤ ᠮᠡᠳᠡᠬᠦᠯᠬᠦ ᠬᠤᠷᠠᠯ ᠬᠢᠵᠡᠢ᠃ ᠪᠠᠶᠢᠴᠠᠭᠠᠨ ᠵᠢᠯᠤᠭᠤᠳᠬᠤ ᠳᠤᠭᠤᠶᠢᠯᠠᠩ ᠤᠨ ᠳᠠᠷᠤᠭ᠎ᠠ᠂ | ᠠᠶᠢᠮᠠᠭ ᠤᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠲᠤᠪᠴᠢᠶᠠᠨ ᠤ ᠳᠡᠳ᠋ ᠳᠠᠷᠤᠭ᠎ᠠ ᠵᠠᠩ ᠵᠢᠶᠠᠨ | ᠵᠢᠶᠦ᠋ᠨ᠂ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ ᠸᠠᠩ ᠸᠧᠢ ᠬᠤᠩ᠂ ᠳᠡᠳ᠋ ᠬᠤᠰᠢᠭᠤ ᠳᠠᠷᠤᠭ᠎ᠠ ᠯᠢ | ᠵᠠᠨ ᠪᠦᠦ ᠬᠤᠷᠠᠯ ᠳᠤ ᠣᠷᠣᠯᠴᠠᠵᠤ᠂ ᠸᠠᠩ ᠸᠧᠢ ᠬᠤᠩ ᠬᠤᠷᠠᠯ ᠢ ᠡᠷᠭᠢᠯᠡᠪᠡ᠃ ᠬᠤᠷᠠᠯ ᠳᠡᠭᠡᠷ᠎ᠡ᠂ ᠵᠠᠩ ᠵᠢᠶᠠᠨ | ᠵᠢᠶᠦ᠋ᠨ ᠠᠴᠠ ᠡᠨᠡ ᠤᠳᠠᠭᠠᠨ ᠤ ᠪᠠᠶᠢᠴᠠᠭᠠᠨ ᠰᠤᠳᠤᠯᠤᠯᠲᠠ ᠶᠢᠨ ᠪᠣᠳᠠᠲᠠᠢ ᠪᠠᠶᠢᠳᠠᠯ ᠢ ᠲᠠᠨᠢᠯᠴᠠᠭᠤᠯᠵᠤ᠂ ᠯᠢ ᠵᠠᠨ | ᠪᠦᠦ ᠠᠴᠠ ᠲᠠᠶᠢᠹᠤᠰᠧ ᠬᠤᠰᠢᠭᠤᠨ ᠤ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠤᠯᠳᠠ ᠶᠢᠨ ᠦᠷ᠎ᠡ | ᠪᠦᠲᠦᠭᠡᠯ ᠢ ᠪᠠᠬᠢᠵᠢᠬᠦᠯᠦᠨ ᠦᠷᠭᠡᠳᠭᠡᠬᠦ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠯᠤᠭ᠎ᠠ ᠪᠦᠲᠦᠮᠵᠢᠲᠡᠶ | ᠵᠣᠯᠭᠠᠭᠤᠯᠬᠤ ᠭᠤᠣᠯᠳᠠᠯᠭ᠎ᠠ ᠲᠠᠢ ᠠᠵᠢᠯ ᠢ ᠠᠬᠢᠭᠤᠯᠤᠭᠰᠠᠨ ᠲᠤᠬᠠᠢ ᠬᠠᠷᠢᠭᠤ ᠮᠡᠳᠡᠭᠦᠯᠦᠯᠲᠡ ᠬᠢᠪᠡ᠃ | ᠪᠠᠶᠢᠴᠠᠭᠠᠨ ᠵᠢᠯᠤᠭᠤᠳᠬᠤ ᠳᠤᠭᠤᠶᠢᠯᠠᠩ ᠠᠴᠠ᠂ ︽ᠳᠥᠷᠪᠡ ᠶᠢ ᠦᠯᠦ ᠲᠠᠶᠠᠭᠳᠠᠬᠤ︾ ᠲᠦᠷᠦ ᠶᠢᠨ | ᠪᠣᠳᠣᠯᠭ᠎ᠠ ᠶᠢᠨ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ ᠂ ᠤᠳᠤᠷᠢᠳᠤᠯᠭ᠎ᠠ ᠪᠠᠨ ᠤᠯᠠᠮ ᠴᠢᠩᠭᠠᠳᠬᠠᠨ᠂ | ᠬᠠᠷᠢᠭᠤᠴᠠᠯᠭ᠎ᠠ ᠶᠢ ᠤᠯᠠᠮ ᠪᠣᠳᠠᠲᠠᠶᠢᠵᠢᠭᠤᠯᠵᠤ᠂ ᠡᠯ᠎ᠡ ᠲᠦᠷᠦᠯ ᠤᠨ ᠠᠷᠭ᠎ᠠ ᠬᠡᠮᠵᠢᠶ᠎ᠡ ᠶᠢ ᠨᠠᠷᠢᠨ ᠨᠢᠮᠪᠠᠢ | ᠨᠠᠶᠢᠳᠠᠪᠤᠷᠢᠵᠢᠭᠤᠯᠤᠨ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠳᠤᠯᠤᠯᠳᠠ ᠶᠢᠨ ᠦᠷ᠎ᠡ ᠪᠦᠲᠦᠭᠡᠯ ᠢ | ᠪᠠᠬᠢᠵᠢᠭᠦᠯᠦᠨ ᠥᠷᠭᠡᠳᠬᠡᠬᠦ ᠶᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠯᠤᠭ᠎ᠠ ᠪᠦᠲᠦᠮᠵᠢᠲᠡᠢ | ᠵᠣᠯᠭᠠᠭᠤᠯᠬᠤ ᠡᠯ᠎ᠡ ᠲᠦᠷᠦᠯ ᠤᠨ ᠠᠵᠢᠯ ᠢ ᠦᠷᠭᠦᠯᠵᠢᠯᠡᠨ ᠰᠠᠶᠢᠲᠤᠷ ᠠᠳᠬᠤᠵᠤ᠂ ᠡᠯ᠎ᠡ ᠵᠦᠢᠯ ᠤᠨ ᠡᠭᠦᠷᠭᠡ | ᠬᠠᠷᠠᠯᠲᠠ ᠶᠢ ᠴᠢᠨᠠᠷ ᠰᠠᠶᠢᠲᠠᠢ ᠪᠡᠶᠡᠯᠡᠭᠦᠯᠬᠦ ᠬᠡᠷᠡᠭᠲᠡᠢ᠃ ︽ᠡᠷᠬᠢᠨ ᠬᠠᠷᠠᠬᠤ︾ ᠲᠤᠰᠬᠠᠢ ᠠᠵᠢᠯᠯᠠᠭ᠎ᠠ ᠶᠢ ᠤᠯᠠᠮ | ᠴᠢᠩᠭᠠᠳᠬᠠᠨ᠂ ᠪᠣᠶ ᠪᠦᠬᠦᠢ ᠶᠠᠳᠠᠭᠤ ᠠᠴᠠ ᠠᠩᠭᠢᠵᠢᠷᠠᠭᠰᠠᠨ ᠡᠷᠦᠬᠡ᠂ ᠬᠢᠨᠠᠨ ᠰᠢᠯᠭᠠᠬᠤ ᠡᠷᠦᠬᠡ᠂ ︽ᠠᠷᠪᠠᠨ | ᠲᠥᠷᠥᠯ ᠤᠨ ᠬᠥᠮᠥᠰ︾ ᠵᠡᠷᠭᠡ ᠶᠢ ᠨᠠᠷᠢᠨ ᠨᠢᠮᠪᠠᠢ ᠬᠠᠷᠭᠤᠭᠤᠯᠤᠨ ᠪᠠᠶᠢᠴᠠᠭᠠᠵᠤ᠂ ᠬᠡᠪᠴᠢᠶᠡᠵᠢᠭᠰᠡᠨ ᠴᠢᠨᠠᠷᠲᠠᠢ | ᠳᠠᠬᠢᠨ ᠶᠠᠳᠠᠭᠤᠷᠠᠬᠤ ᠦᠵᠡᠭᠳᠡᠯ ᠭᠠᠷᠬᠤ ᠦᠬᠡᠢ ᠶᠢ ᠦᠨᠡᠨ ᠬᠦ ᠪᠠᠳᠤᠯᠠᠨ᠂ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠠᠵᠢᠯ ᠢ ᠪᠥᠬᠦ ᠲᠠᠯ᠎ᠠ ᠪᠠᠷ ᠠᠬᠢᠭᠤᠯᠬᠤ ᠳᠤ ᠪᠠᠲᠤ ᠰᠠᠭᠤᠷᠢ ᠲᠠᠯᠪᠢᠬᠤ ᠬᠡᠷᠡᠭᠲᠡᠢ᠃ ᠡᠯ᠎ᠡ ᠬᠠᠮᠢᠶ᠎ᠠ | ᠪᠦᠬᠦᠢ ᠰᠠᠯᠠᠭ᠎ᠠ ᠮᠥᠴᠢᠷ ᠪᠠ ᠰᠤᠮᠤ ᠰᠢᠶᠠᠩ ᠪᠠᠯᠭᠠᠰᠤᠨ ᠤ ᠬᠢᠨ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ | ᠣᠷᠣᠰᠢᠵᠤ ᠪᠠᠶᠢᠭ᠎ᠠ ᠠᠰᠠᠭᠤᠳᠠᠯ ᠪᠠ ᠳᠤᠲᠠᠭᠤᠳᠠᠯ ᠳᠤ ᠵᠥᠪ ᠢᠶᠠᠷ ᠬᠠᠨᠳᠤᠨ᠂ ᠨᠠᠷᠢᠨ ᠨᠢᠮᠪᠠᠢ ᠬᠢᠨᠠᠨ | ᠬᠠᠷᠭᠤᠭᠤᠯᠵᠤ᠂ ᠴᠠᠭ ᠲᠤᠬᠠᠢ ᠳᠤᠨᠢ ᠴᠡᠭᠴᠡᠯᠡᠨ ᠰᠠᠶᠢᠵᠢᠷᠠᠭᠤᠯᠵᠤ᠂ ᠲᠠᠶᠢᠹᠤᠰᠧ ᠬᠤᠰᠢᠭᠤᠨ ᠤ ᠪᠠᠨ ᠶᠠᠳᠠᠭᠤ | ᠠᠴᠠ ᠠᠩᠭᠢᠵᠢᠷᠠᠭᠤᠯᠬᠤ ᠪᠤᠭᠤᠮᠳᠠ ᠰᠢᠪᠲᠤᠯᠤᠯᠲᠠ ᠶᠢᠨ ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠬᠦ ᠶᠢ | ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠯᠤᠭ᠎ᠠ ᠪᠦᠲᠦᠮᠵᠢᠲᠡᠶ ᠵᠣᠯᠭᠠᠭᠤᠯᠬᠤ ᠠᠵᠢᠯ ᠢ ᠳᠠᠬᠢᠨ ᠰᠢᠨ᠎ᠡ | ᠳᠡᠭᠲᠡᠷ ᠲᠤ ᠭᠠᠷᠭᠠᠬᠤ ᠬᠡᠷᠡᠭᠲᠡᠢ ᠬᠡᠵᠦ ᠵᠢᠭᠠᠨ ᠭᠠᠷᠭᠠᠭᠰᠠᠨ ᠪᠠᠶᠢᠨ᠎ᠠ᠃ |