ᠠᠵᠢᠯ ᠡᠬᠦᠷᠭᠡ ᠪᠠᠨ ᠠᠮᠵᠢᠯᠳᠠ ᠲᠠᠢ ᠪᠡᠶᠡᠯᠡᠬᠦᠯᠦᠭᠡᠳ ᠠᠷᠠᠳ ᠤᠨ ᠴᠠᠭᠳᠠᠭ᠎ᠠ ᠨᠠᠷ ᠬᠠᠷᠢᠵᠤ ᠢᠷᠡᠯ᠎ᠡ
ᠨᠡᠶᠢᠲᠡᠯᠡᠭᠰᠡᠨ ᠴᠠᠭ᠄
2022/6/21
  6 ᠰᠠᠷ᠎ᠠ   ᠶᠢᠨ 19 ᠤ ᠡᠳᠦᠷ ᠤᠨ ᠦᠳᠡ   ᠶᠢᠨ ᠬᠤᠶᠢᠨ᠎ᠠ᠂ ᠡᠷᠢᠶᠡᠨ ᠬᠤᠲᠠ   ᠶᠢᠨ ᠬᠢᠵᠢᠭ ᠲᠠᠢ ᠲᠡᠮᠡᠴᠡᠬᠦ ᠠᠵᠢᠯᠯᠠᠭ᠎ᠠ ᠳᠤ ᠲᠤᠰᠠᠯᠠᠬᠤ   ᠪᠠᠷ ᠤᠴᠢᠭᠰᠠᠨ ᠲᠦᠷᠦᠭᠦᠦ ᠪᠦᠯᠦᠭ ᠤᠨ 16  ᠴᠠᠭᠳᠠᠭ᠎ᠠ  ᠠᠮᠵᠢᠯᠳᠠ ᠢᠯᠠᠯᠲᠠ  ᠶᠢᠨ  ᠡᠭᠡᠰᠢᠭ ᠴᠤᠤᠷᠢᠶᠠᠳᠤᠭᠤᠯᠤᠭᠰᠠᠭᠠᠷ ᠲᠠᠶᠢᠹᠤᠰᠧ ᠬᠤᠰᠢᠭᠤᠨ ᠳᠠᠭᠠᠨ ᠬᠠᠷᠢᠵᠤ ᠢᠷᠡᠵᠡᠢ᠃ ᠵᠠᠰᠠᠭ ᠤᠨ ᠣᠷᠳᠣᠨ ᠤ ᠳᠡᠳ᠋ ᠬᠤᠰᠢᠭᠤ ᠳᠠᠷᠤᠭ᠎ᠠ᠂ ᠳᠣᠲᠣᠭᠠᠳᠤ   ᠶᠢ ᠬᠠᠮᠠᠭᠠᠯᠠᠬᠤ ᠲᠣᠪᠴᠢᠶᠠᠨ ᠤ ᠳᠠᠷᠤᠭ᠎ᠠ ᠸᠠᠩ ᠵᠢᠦᠢ ᠰᠢ ᠴᠠᠭᠳᠠᠭ᠎ᠠ ᠨᠠᠷ ᠢᠶᠠᠨ ᠲᠠᠭᠠᠭᠤᠯᠵᠤ ᠬᠢᠵᠢᠭ ᠲᠠᠢ ᠲᠡᠮᠡᠴᠡᠭᠰᠡᠨ ᠪᠠᠭᠠᠳᠤᠷᠴᠤᠳ ᠢᠶᠠᠨ ᠤᠭᠳᠤᠯ᠎ᠠ᠃  ᠡᠷᠢᠶᠠᠨ ᠬᠤᠳᠠ ᠳᠤ ᠬᠢᠵᠢᠭ ᠤᠨ ᠪᠠᠶᠢᠳᠠᠯ ᠡᠬᠦᠰᠦᠭᠰᠡᠨ ᠤ ᠲᠠᠷᠠᠭ᠎ᠠ᠂  ᠲᠠᠶᠢᠹᠤᠰᠧ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠨᠢ ᠳᠡᠭᠡᠳᠦ ᠱᠠᠲᠤᠨ ᠤ ᠤᠷᠢᠶᠠᠯᠠᠭ᠎ᠠ ᠶᠢ ᠢᠳᠡᠪᠬᠢᠲᠡᠢ ᠴᠤᠤᠷᠢᠶᠠᠲᠤᠨ ᠲᠠᠭᠠᠵᠦ᠂  ᠡᠷᠢᠶᠡᠨ ᠬᠤᠳᠠ ᠶᠢ ᠲᠤᠰᠠᠯᠠᠷ᠎ᠠ ᠰᠥᠨᠢ ᠳᠦᠯᠢ ᠪᠠᠷ ᠮᠤᠷᠳᠠᠭᠰᠠᠨ ᠶᠤᠮ᠃ ᠡᠷᠢᠶᠡᠨ ᠬᠤᠳᠠ ᠳᠤ ᠬᠦᠷᠦᠭᠰᠡᠨ ᠤ ᠳᠠᠷᠠᠭ᠎ᠠ᠂ ᠲᠤᠬᠠᠢ ᠶᠢᠨ ᠭᠠᠵᠠᠷ ᠤᠨ ᠵᠢᠯᠣᠭᠤᠳᠤᠯᠭ᠎ᠠ ᠶᠢ ᠳᠠᠭᠠᠵᠤ᠂ ᠲᠤᠰ ᠪᠡᠶ᠎ᠡ ᠶᠢᠨ ᠬᠠᠮᠠᠭᠠᠯᠠᠯᠲᠠ ᠪᠠᠨ ᠰᠠᠶᠢᠨ ᠬᠢᠭᠰᠡᠨ ᠤᠷᠢᠳᠠᠯ ᠲᠤᠤᠷ᠎ᠠ ᠡᠯ᠎ᠡ ᠲᠦᠷᠦᠯ ᠤᠨ ᠠᠵᠢᠯ ᠡᠭᠦᠷᠭᠡ ᠪᠠᠨ ᠨᠠᠷᠢᠨ ᠬᠢᠨᠠᠮᠠᠭᠠᠢ ᠪᠡᠶᠡᠯᠡᠬᠦᠯᠵᠦ ᠢᠷᠡᠪᠡ᠃  ᠴᠠᠭᠳᠠᠭ᠎ᠠ ᠨᠠᠷ  ᠪᠢᠳᠡᠬᠦᠮᠵᠢᠯᠡᠭᠰᠡᠨ ᠬᠠᠮᠢᠶᠠᠷᠤᠯᠲᠠ ᠶᠢᠨ ᠠᠵᠢᠯ ᠳᠤ ᠢᠳᠡᠪᠬᠢᠲᠡᠢ ᠣᠷᠣᠯᠴᠠᠵᠤ᠂  ᠰᠠᠭᠤᠭᠠᠯᠢ ᠲᠣᠭᠤᠷᠢᠭ᠂ ᠲᠤᠰᠠᠭᠠᠷᠯᠠᠬᠤ ᠴᠡᠭ ᠢ ᠬᠠᠮᠢᠶᠠᠷᠤᠨ ᠡᠵᠡᠮᠳᠡᠬᠦ᠂ ᠨᠡᠶᠢᠭᠡᠮ ᠤᠨ ᠠᠮᠤᠷ ᠢ ᠬᠠᠮᠠᠭᠠᠯᠠᠬᠤ ᠵᠡᠷᠭᠡ ᠠᠵᠢᠯ  ᠳᠤ ᠢᠳᠡᠪᠬᠢᠳᠡᠢ ᠬᠠᠮᠵᠢᠯᠴᠠᠵᠤ᠂ ᠪᠣᠳᠠᠲᠤ ᠠᠵᠢᠯᠯᠠᠭ᠎ᠠ ᠪᠠᠷ ᠢᠶᠠᠨ ︽ᠠᠷᠠᠳ ᠤᠨ ᠴᠠᠭᠳᠠᠭ᠎ᠠ ᠠᠷᠠᠳ ᠤᠨ ᠲᠥᠯᠥᠭᠡ ᠵᠢᠳᠬᠦᠬᠦ︾  ᠠᠨᠳᠠᠭᠠᠢ ᠲᠠᠩᠭᠠᠷᠢᠭ ᠢ  ᠦᠢᠯᠡᠳᠦᠯᠬᠡᠵᠢᠬᠦᠯᠦᠭᠡᠳ᠂ ᠠᠷᠠᠳ ᠤᠨ ᠴᠠᠭᠳᠠᠭ᠎ᠠ ᠶᠢᠨ ᠡᠭᠦᠷᠭᠡ ᠬᠠᠷᠢᠭᠤᠴᠠᠯᠭ᠎ᠠ ᠪᠠ ᠵᠣᠷᠢᠭᠲᠠᠢ ᠪᠠᠶᠢᠯᠳᠤᠵᠤ ᠵᠠᠪᠠᠯ ᠢᠯᠠᠬᠤ ᠰᠢᠯᠢᠳᠡᠭ ᠰᠤᠷᠲᠠᠯ ᠢ ᠢᠯᠡᠷᠡᠭᠦᠯᠵᠦ᠂  ᠲᠠᠶᠢᠹᠤᠰᠧ ᠬᠤᠰᠢᠭᠤᠨ ᠤ ᠠᠷᠠᠳ ᠤᠨ ᠴᠠᠭᠳᠠᠭ᠎ᠠ ᠶᠢᠨ ᠰᠠᠶᠢᠨ ᠰᠠᠶᠢᠬᠠᠨ ᠤᠯᠤᠰ ᠲᠦᠷᠦ ᠶᠢᠨ ᠬᠡᠪ ᠪᠣᠯᠪᠠᠰᠤᠷᠠᠯ ᠪᠠ ᠵᠣᠷᠢᠭᠲᠠᠢ ᠡᠭᠦᠷᠭᠡᠯᠡᠬᠦ ᠤᠶᠤᠨ ᠰᠠᠨᠠᠭᠠᠨ ᠤ ᠳᠦᠷᠰᠦ ᠪᠠᠶᠢᠳᠠᠯ ᠢ ᠬᠠᠷᠠᠭᠤᠯᠤᠭᠰᠠᠨ ᠪᠠᠶᠢᠨ᠎ᠠ᠃ ᠠᠷᠠᠳ ᠤᠨ ᠴᠠᠭᠳᠠᠭ᠎ᠠ ᠯᠢᠦ ᠶᠠ ᠵᠢᠶᠦ᠋ᠨ᠄ ︽6 ᠰᠠᠷ᠎ᠠ   ᠶᠢᠨ 4 ᠤ ᠡᠳᠦᠷ ᠪᠢᠳᠡ ᠡᠷᠢᠶᠡᠨ ᠳᠤ ᠶᠠᠪᠤᠬᠤ ᠮᠡᠳᠡᠭᠳᠡᠯ ᠢ ᠣᠯᠵᠠᠢ᠃  ᠰᠦᠨᠢ ᠶᠢᠨ ᠬᠤᠶᠠᠷ ᠴᠠᠭ ᠲᠤ ᠪᠢᠳᠡ ᠡᠷᠢᠶᠡᠨ ᠬᠤᠲᠠ ᠶᠢᠨ ᠦᠵᠡᠰᠬᠦᠯᠡᠩ ᠤᠨ ᠲᠥᠪ ᠲᠤ  ᠬᠦᠷᠦᠭᠡᠳ᠂ ᠥᠷᠯᠥᠭᠡ ᠠᠴᠠ ᠨᠢ ︽ᠡᠭᠦᠳᠡ ᠲᠣᠭᠰᠢᠬᠤ ᠠᠵᠢᠯᠯᠠᠭ᠎ᠠ︾ ᠳᠤ ᠤᠷᠤᠯᠴᠠᠵᠤ᠂ ᠳᠠᠷᠠᠭ᠎ᠠ ᠨᠢ ᠲᠣᠭᠤᠷᠢᠨ ᠴᠠᠭᠳᠠᠬᠤ᠂  ᠲᠠᠩᠰᠠ ᠡᠪᠬᠡᠮᠡᠯ ᠢ ᠬᠠᠮᠵᠢᠯᠴᠠᠨ ᠡᠮᠬᠢᠯᠡᠬᠦ ᠵᠡᠷᠭᠡ ᠠᠵᠢᠯ ᠳᠤ  ᠤᠷᠤᠯᠴᠠᠪᠠ᠃ ᠡᠨᠡ ᠤᠳᠠᠭᠠᠨ ᠤ  ᠠᠵᠢᠯ ᠨᠢ ᠮᠢᠨᠤ ᠨᠢᠭᠡ ᠨᠠᠰᠤᠨ  ᠳᠤ ᠡᠷᠭᠢᠯᠲᠡ ᠭᠠᠷᠭᠠᠯ᠎ᠠ ᠬᠡᠵᠦ ᠬᠡᠯᠡᠵᠦ ᠪᠤᠯᠤᠨ᠎ᠠ᠂ ᠬᠤᠶᠢᠰᠢᠳᠠ ᠪᠢ ᠡᠬᠦᠪᠡᠷ ᠢᠶᠠᠨ ᠤᠷᠮᠠᠰᠢᠨ ᠵᠤᠷᠢᠬᠵᠢᠵᠤ ᠨᠡᠩ ᠢᠯᠡᠭᠦᠦ ᠠᠮᠵᠢᠯᠳᠠ ᠪᠦᠳᠦᠮᠵᠢ ᠭᠠᠷᠭᠠᠬᠤ ᠪᠠᠷ ᠴᠢᠷᠮᠠᠶᠢᠨ᠎ᠠ︾  ᠃   ᠳᠠᠷᠠᠭᠠᠴᠢ ᠶᠢᠨ ᠠᠯᠬᠤᠮ ᠳᠤ᠂  ᠲᠠᠶᠢᠹᠤᠰᠧ ᠬᠤᠰᠢᠭᠤᠨ ᠤ ᠳᠣᠲᠣᠭᠠᠳᠤ ᠶᠢ ᠬᠠᠮᠠᠭᠠᠯᠠᠬᠤ  ᠲᠤᠪᠴᠢᠶᠠᠨ ᠤ  ᠬᠢᠨ ᠦᠷᠭᠦᠯᠵᠢᠯᠡᠨ ᠲᠤᠬᠠᠶᠢᠯᠠᠭᠰᠠᠨ ᠠᠵᠢᠯ ᠳᠠᠭᠠᠨ ᠰᠠᠭᠤᠷᠢᠯᠠᠵᠤ᠂ ᠵᠣᠷᠢᠭᠲᠠᠢ ᠪᠠᠷ ᠬᠠᠷᠢᠭᠤᠴᠠᠯᠭ᠎ᠠ ᠡᠬᠦᠷᠭᠡᠯᠡᠨ  ᠂ ᠣᠷᠭᠢᠯᠤᠮ᠎ᠠ ᠬᠠᠯᠠᠭᠤᠨ ᠰᠡᠳᠬᠢᠯᠭᠡ ᠶᠢ ᠡᠪᠦᠷᠯᠡᠵᠦ᠂ ᠬᠦᠴᠢᠷ ᠠᠴᠠ ᠠᠶᠤᠬᠤ ᠦᠬᠡᠢ᠂  ᠵᠤᠷᠢᠭᠳᠠᠢ ᠲᠡᠮᠡᠴᠡᠬᠦ ᠰᠢᠯᠢᠳᠡᠭ ᠤᠯᠠᠮᠵᠢᠯᠠᠯ ᠢᠶᠠᠨ ᠦᠷᠭᠦᠯᠵᠢᠯᠡᠨ ᠪᠠᠳᠠᠷᠠᠭᠤᠯᠵᠤ᠂ ᠳᠣᠲᠣᠭᠠᠳᠤ ᠶᠢ ᠬᠠᠮᠠᠭᠠᠯᠠᠬᠤ ᠡᠩᠨᠡᠭᠡᠨ ᠤ ᠳᠠᠭᠤᠷᠢᠶᠠᠯ ᠪᠣᠯᠬᠤ ᠪᠠᠷ  ᠴᠢᠷᠮᠠᠶᠢᠨ᠂  ᠰᠢᠨ᠎ᠡ ᠴᠠᠭ ᠦᠶ᠎ᠡ ᠶᠢᠨ ᠳᠣᠲᠣᠭᠠᠳᠤ ᠶᠢ ᠬᠠᠮᠠᠭᠠᠯᠠᠬᠤ ᠠᠵᠢᠯ ᠤᠨ ᠰᠢᠨ᠎ᠡ ᠬᠠᠭᠤᠳᠠᠰᠤ ᠶᠢ ᠪᠢᠴᠢᠭᠯᠡᠬᠦ ᠪᠠᠷ ᠪᠠᠶᠢᠨ᠎ᠠ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号