ᠰᠤᠳᠡᠯ ᠤᠨ ᠯᠤᠠᠠᠰᠢᠯᠲᠠ ᠶᠢ ᠬᠡᠮᠵᠢᠵᠦ ᠴᠢᠳᠠᠬᠤ ᠬᠡᠷᠡᠭᠳᠡᠢ
ᠨᠡᠶᠢᠲᠡᠯᠡᠭᠰᠡᠨ ᠴᠠᠭ᠄
2022/6/10
   ᠰᠤᠳᠡᠯ ᠤᠨ ᠯᠤᠠᠠᠰᠢᠯᠲᠠ ᠨᠢ ᠵᠢᠷᠦᠬᠡᠨ ᠤ ᠬᠦᠳᠡᠯᠭᠡᠭᠡᠨ ᠤ ᠦᠶᠡᠯᠡᠯ ᠳᠤᠲᠤᠷᠠᠬᠢ ᠴᠢᠰᠦᠨ ᠰᠤᠳᠡᠯ ᠤᠨ ᠳᠤᠲᠤᠷᠠᠬᠢ ᠳᠠᠷᠤᠯᠲᠠ ᠪᠠ ᠴᠢᠰᠦᠨ ᠰᠤᠳᠡᠯ ᠤᠨ ᠠᠭᠤᠯᠤᠠᠠᠳᠡᠴᠠ ᠶᠢᠨ ᠬᠤᠪᠢᠷᠠᠯᠲᠠ ᠠᠴᠠ ᠡᠭᠦᠰᠦᠭᠰᠡᠨ ᠯᠤᠠᠠᠰᠢᠭᠤᠨ ᠰᠤᠳᠡᠯ ᠤᠨ ᠯᠤᠠᠠᠰᠢᠯᠲᠠ ᠪᠤᠯᠤᠨ᠎ᠠ᠃ ᠬᠡᠪ ᠤᠨ ᠪᠠᠶᠢᠳᠡᠯ ᠳᠤᠤᠷ᠎ᠠ᠂ ᠰᠤᠳᠡᠯ ᠤᠨ ᠯᠤᠠᠠᠰᠢᠯᠲᠠ ᠶᠢᠨ ᠲᠤᠭ᠎ᠠ ︵ᠰᠤᠳᠡᠯ ᠯᠤᠠᠠᠰᠢᠬᠤ ᠬᠤᠷᠲᠦ︶ ᠪᠠ ᠵᠢᠷᠦᠬᠡᠨ ᠤ ᠯᠤᠠᠠᠰᠢᠯᠲᠠ ᠶᠢᠨ ᠲᠤᠭ᠎ᠠ ︵ᠵᠢᠷᠦᠭᠡᠨ ᠤ ᠳᠠᠪᠲᠠᠮᠵᠢ︶ ᠨᠢ ᠠᠳᠠᠯᠢ᠃ ᠰᠤᠳᠡᠯ ᠤᠨ ᠯᠤᠠᠠᠰᠢᠯᠲᠠ ᠶᠢᠨ ᠭᠡᠮ ︵ᠰᠤᠳᠡᠯ ᠤᠨ ᠭᠡᠮᠨᠡᠯ︶ ᠪᠠ ᠵᠢᠡᠦᠬᠡᠨ ᠤ ᠯᠤᠠᠠᠰᠢᠯᠲᠠ ᠶᠢᠨ ᠭᠡᠮ ︵ᠵᠢᠷᠦᠬᠡᠨ ᠤ ᠬᠡᠮᠨᠡᠯ︶ ᠨᠢ ᠠᠳᠠᠯᠢ᠃ ᠰᠤᠳᠡᠯ ᠤᠨ ᠯᠤᠠᠠᠰᠢᠯᠲᠠ ᠶᠢ ᠪᠠᠶᠢᠴᠠᠭᠠᠬᠤ ᠪᠠᠷ ᠳᠡᠮᠵᠢᠨ᠂ ᠵᠢᠷᠦᠬᠡᠨ ᠤ ᠯᠤᠠᠠᠰᠢᠯᠲᠠ ᠶᠢᠨ ᠪᠠᠶᠢᠳᠡᠯ ᠢ ᠦᠢᠯᠭᠠᠵᠦ ᠪᠤᠯᠤᠨ᠎ᠠ᠃ ᠡᠪᠡᠳᠴᠢᠨ ᠤ ᠵᠦᠢ ᠶᠢᠨ ᠪᠠᠶᠢᠳᠡᠯ ᠳᠤᠤᠷ᠎ᠠ᠂ ᠰᠤᠳᠡᠯ ᠯᠤᠠᠠᠰᠢᠬᠤ ᠬᠤᠶᠢᠲᠦ᠂ ᠰᠤᠳᠡᠯ ᠤᠨ ᠭᠡᠮᠨᠡᠯ ᠪᠠ ᠵᠢᠷᠦᠬᠡᠨ ᠤ ᠳᠠᠪᠲᠠᠮᠵᠢ᠂ ᠵᠢᠷᠦᠬᠡᠨ ᠤ ᠬᠡᠮᠨᠡᠯ ᠨᠢ ᠠᠳᠠᠯᠢ ᠪᠤᠰᠤ ᠪᠠᠶᠢᠵᠦ ᠪᠤᠯᠤᠨ᠎ᠠ᠃    ᠬᠡᠪ ᠤᠨ ᠪᠠᠶᠢᠳᠡᠯ ᠳᠤᠤᠷ᠎ᠠ᠂ ᠰᠤᠳᠡᠯ ᠯᠤᠠᠠᠰᠢᠬᠤ ᠬᠤᠷᠲᠦ ᠨᠢ ᠨᠠᠰᠦ᠂ ᠹᠢᠽᠢᠤᠯᠤᠬᠢ ᠶᠢᠨ ᠬᠤᠪᠢᠷᠠᠯᠲᠠ᠂ ᠪᠡᠶ᠎ᠡ ᠶᠢᠨ ᠬᠦᠳᠡᠯᠭᠡᠭᠡᠨ᠂ ᠤᠷᠮ᠎ᠠ ᠵᠤᠷᠢᠭ᠂ ᠵᠢᠷᠮᠤᠰᠤᠯᠡᠬᠦ ᠪᠠᠶᠢᠳᠡᠥ ᠠᠴᠠ ᠪᠤᠯᠵᠦ ᠠᠳᠠᠯᠢ ᠪᠤᠰᠦ ᠪᠠᠶᠢᠳᠠᠭ᠃ ᠨᠠᠰᠦ ᠬᠡᠳᠦᠢ ᠪᠠᠭ᠎ᠠ ᠪᠤᠯ ᠰᠤᠳᠡᠯ ᠯᠤᠠᠠᠰᠢᠬᠤ ᠬᠤᠷᠲᠦ ᠳᠠᠳᠤᠢ ᠬᠤᠷᠳᠤᠨ᠃ ᠰᠠᠶ᠋ᠢ ᠳᠦᠷᠦᠭᠰᠡᠨ ᠬᠡᠤᠬᠡᠳ 120 ~130 ᠤᠳᠠᠭ᠎ᠠ / ᠮᠢᠨᠦ᠋ᠲ᠂ ᠨᠢᠯᠬ᠎ᠠ ᠨᠢᠷᠠᠢ ᠬᠡᠤᠬᠡᠳ 100 ~130 ᠤᠳᠠᠭ᠎ᠠ / ᠮᠢᠨᠦ᠋ᠲ᠂ ᠰᠤᠷᠬᠤ ᠨᠠᠰᠤᠨ ᠠᠴᠠ ᠡᠮᠤᠨᠡᠬᠢ ᠬᠡᠤᠬᠡᠳ 80 ~100 ᠤᠳᠠᠭ᠎ᠠ / ᠮᠢᠨᠦ᠋ᠲ ᠪᠤᠯᠤᠨ᠎ᠠ᠃ ᠵᠠᠯᠠᠭᠤ ᠨᠠᠰᠤᠨ ᠤ ᠦᠶ᠎ᠡ ᠠᠴᠠ ᠬᠤᠶᠢᠰᠢ ᠨᠠᠰᠤᠨ ᠳᠤ ᠬᠦᠷᠦᠭᠰᠡᠳ ᠲᠠᠢ ᠦᠢᠷᠠᠯᠴᠠᠭ᠎ᠠ᠂ ᠨᠠᠰᠤᠨ ᠳᠤ ᠬᠦᠷᠦᠭᠰᠡᠳ ᠤᠯᠠᠩᠬᠢ ᠨᠢ 70 ~80/ ᠮᠢᠨᠦ᠋ᠲ᠂ ᠨᠠᠰᠤᠳᠡᠶᠢᠴᠦᠳ ᠤᠨ ᠨᠡᠯᠢᠶᠡᠳ ᠳᠤᠤᠷ᠎ᠠ᠂ 55 ~60 ᠤᠳᠠᠭ᠎ᠠ / ᠮᠢᠨᠦ᠋ᠲ᠃ ᠲᠠᠮᠢᠷᠴᠢᠨ ᠤ ᠬᠢ ᠶᠡᠷᠦ ᠶᠢᠨ ᠬᠦᠮᠦᠨ ᠤ ᠬᠢ ᠠᠴᠠ ᠪᠠᠰᠠ ᠤᠳᠠᠭᠠᠨ ᠪᠠᠶᠢᠳᠠᠭ᠃    ᠰᠤᠳᠡᠯ ᠤᠨ ᠯᠤᠠᠠᠰᠢᠯᠲᠠ ᠶᠢ ᠪᠠᠶᠢᠴᠠᠭᠠᠬᠤ ᠳᠤ᠂ ᠳᠡᠮᠳᠡᠷᠢᠵᠦ ᠤᠨᠤᠰᠢᠯᠠᠬᠤ ᠠᠷᠭ᠎ᠠ ᠪᠤᠶᠤ ᠰᠤᠳᠡᠯ ᠤᠨ ᠯᠤᠠᠠᠰᠢᠯᠲᠠ ᠶᠢ ᠳᠡᠮᠳᠡᠭᠯᠡᠬᠦ ᠠᠷᠭ᠎ᠠ ᠶᠢ ᠬᠡᠷᠡᠭᠯᠡᠵᠦ ᠪᠤᠯᠤᠨ᠎ᠠ᠃ ᠬᠠᠮᠤᠭ ᠤᠯᠠᠨ ᠬᠡᠷᠡᠭᠯᠡᠳᠡᠳᠡᠭ ᠨᠢ ᠳᠡᠮᠳᠡᠷᠢᠵᠦ ᠤᠨᠤᠰᠢᠯᠠᠬᠤ ᠠᠷᠭ᠎ᠠ ᠪᠤᠯᠤᠨ᠎ᠠ᠃ ᠳᠠᠷᠤᠢ ᠪᠡᠶ᠎ᠡ ᠶᠢᠨ ᠭᠠᠳᠠᠷ ᠬᠦᠢᠬᠡᠨ ᠬᠡᠰᠡᠭ ᠲᠤ ᠬᠦᠢᠴᠡᠳ ᠤᠷᠲᠦ᠂ ᠳᠤᠤᠷ᠎ᠠ ᠪᠠᠨ ᠬᠠᠳᠠᠭᠤ ᠪᠠᠬᠢᠯᠢᠭ᠌ ᠨᠡᠭᠡᠳᠡᠰᠦ ︵ᠵᠢᠱᠢᠶᠡᠯᠡᠪᠡᠯ᠄ ᠠᠷᠤᠭ ᠶᠠᠰᠦ︶ ᠪᠠᠶᠢᠳᠠᠭ ᠯᠤᠠᠠᠰᠢᠭᠤᠨ ᠰᠤᠳᠡᠯ ᠤᠨ ᠯᠤᠠᠠᠰᠢᠯᠲᠠ ᠶᠢ ᠳᠡᠮᠲᠠᠷᠢᠨ᠎ᠡ᠃ ᠪᠠᠭᠤᠤ ᠶᠢᠨ ᠬᠡᠰᠡᠭ ᠤᠨ ᠠᠯᠭᠠᠨ ᠲᠠᠯ᠎ᠠ ᠶᠢᠨ ᠡᠷᠡᠬᠡᠢ ᠬᠤᠷᠤᠭᠤ ᠲᠠᠯ᠎ᠠ ᠶᠢᠨ ᠱᠤ᠋ ᠶᠢᠨ ᠯᠤᠠᠠᠰᠢᠭᠤᠨ ᠰᠤᠳᠡᠯ ᠨᠢ ᠳᠡᠮᠳᠡᠷᠢᠵᠦ ᠤᠨᠤᠰᠢᠯᠠᠬᠤ ᠳᠤ ᠲᠦᠢᠯ ᠤᠨ ᠳᠦᠭᠦᠮ ᠪᠤᠯᠬᠤᠷ ᠦᠷᠭᠦᠯᠵᠢ ᠰᠤᠩᠭᠤᠠᠠᠳᠡᠨ ᠬᠡᠷᠡᠭᠯᠡᠳᠡᠳᠡᠭ᠃    ᠰᠤᠳᠡᠯ ᠤᠨ ᠯᠤᠠᠠᠰᠢᠯᠲᠠ ᠶᠢ ᠬᠡᠮᠵᠢᠬᠦ ᠳᠤ ᠰᠧᠺᠦ᠋ᠨ᠋ᠳ᠋ ᠤᠨ ᠵᠡᠭᠦᠦ ᠲᠠᠢ ᠴᠠᠭ ᠪᠡᠯᠡᠳᠭᠡᠨ᠎ᠡ᠃ ᠤᠷᠢᠳ ᠢᠶᠠᠷ ᠬᠡᠮᠵᠢᠭᠦᠯᠦᠭᠴᠢ ᠶᠢ ᠵᠢᠭᠠᠬᠠᠨ ᠠᠮᠠᠷᠠᠭᠤᠯᠵᠦ ᠤᠷᠮ᠎ᠠ ᠵᠤᠷᠢᠭ ᠢ ᠨᠢ ᠨᠠᠮᠵᠢᠭᠤᠨ ᠪᠤᠯᠭᠠᠨ᠎ᠠ᠃ ᠠᠷᠢᠬᠢᠨ ᠤ ᠳᠠᠷᠠᠭ᠎ᠠ᠂ ᠰᠠᠶ᠋ᠢ ᠬᠠᠯᠠᠭᠤᠨ ᠤᠰᠦ ᠤᠤᠭᠤᠭᠰᠠᠨ ᠤ ᠬᠤᠶᠢᠨ᠎ᠠ᠂ ᠵᠢᠴᠢ ᠤᠷᠮ᠎ᠠ ᠵᠤᠷᠢᠭ ᠬᠦᠭᠰᠡᠬᠦ᠂ ᠰᠠᠶ᠋ᠢ ᠪᠡᠶ᠎ᠡ ᠲᠠᠮᠢᠷ ᠤᠨ ᠬᠦᠳᠡᠯᠭᠡᠭᠡᠨ ᠵᠢᠵᠦ ᠳᠠᠭᠤᠰᠤᠠᠠᠰᠠᠨ ᠦᠶᠡᠰ᠂ ᠬᠡᠮᠵᠢᠯᠲᠡ ᠶᠢᠨ ᠤᠨᠤᠪᠴᠢ ᠶᠢᠨ ᠬᠡᠮᠵᠢᠶ᠎ᠡ ᠪᠦᠷ ᠨᠦᠯᠦᠭᠡᠯᠡᠭᠳᠡᠨ᠎ᠡ᠃ ᠰᠢᠷᠦᠭᠦᠨ ᠬᠦᠳᠡᠯᠭᠡᠭᠡᠨ ᠬᠢᠭᠰᠡᠨ ᠤ ᠳᠠᠷᠠᠭ᠎ᠠ᠂ 20 ᠮᠢᠨᠦ᠋ᠲ ᠠᠮᠠᠷᠠᠭᠰᠠᠨ ᠤ ᠬᠤᠶᠢᠨ᠎ᠠ ᠬᠡᠮᠵᠢᠪᠡᠯ ᠵᠤᠬᠢᠰᠳᠡᠢ᠃     ᠱᠤ᠋ ᠶᠢᠨ ᠯᠤᠠᠠᠰᠢᠭᠤᠨ ᠰᠤᠳᠡᠯ ᠤᠨ ᠯᠤᠠᠠᠰᠢᠯᠲᠠ ᠶᠢ ᠪᠠᠶᠢᠴᠠᠭᠠᠬᠤ ᠦᠶᠡᠰ᠂ ᠬᠡᠮᠵᠢᠭᠦᠯᠦᠭᠴᠢ ᠰᠠᠭᠤᠬᠤ ᠪᠤᠶᠤ ᠬᠡᠪᠲᠡᠵᠦ ᠪᠤᠯᠤᠨ᠎ᠠ᠃ ᠭᠠᠷ ᠤᠨ ᠠᠯᠠᠭ᠎ᠠ ᠶᠢᠨ ᠲᠠᠯ᠎ᠠ ︵ᠳᠠᠷᠤᠢ ᠠᠯᠠᠭ᠎ᠠ︶ ᠶᠢ ᠳᠡᠭᠡᠭᠰᠢ ᠬᠠᠨᠳᠤᠭᠤᠯᠵᠦ ᠪᠠᠭᠤᠤ ᠶᠢᠨ ᠬᠡᠰᠡᠭ ᠢ ᠠᠰᠬᠠᠨ ᠲᠠᠯᠪᠢᠨ᠎ᠠ᠃ ᠬᠡᠮᠵᠢᠭᠴᠢ ᠦᠪᠡᠷ ᠤᠨ ᠲᠤᠯᠢᠶᠠᠪᠤᠷ ᠬᠤᠷᠤᠭᠤ᠂ ᠳᠤᠮᠳᠠ ᠬᠤᠷᠤᠭᠤ ᠪᠠ ᠢᠳᠡᠮ ᠬᠤᠷᠤᠭᠤ ᠭᠤᠷᠪᠠᠭᠤᠯ᠎ᠠ ᠶᠢ ᠨᠡᠶᠢᠯᠡᠭᠦᠯᠦᠨ᠂ ᠬᠤᠷᠤᠭᠤᠨ ᠦᠠᠳᠡᠭᠡ ᠪᠠᠨ ᠬᠡᠮᠵᠢᠭᠦᠯᠦᠭᠴᠢ ᠶᠢᠨ ᠪᠠᠭᠤᠤ ᠶᠢᠨ ᠱᠤ᠋ ᠶᠢᠨ ᠯᠤᠠᠠᠰᠢᠭᠤᠨ ᠰᠤᠳᠡᠯ ᠤᠨ ᠬᠡᠰᠡᠭ ᠲᠤ ᠲᠠᠯᠪᠢᠨ᠎ᠠ᠃ ᠡᠨᠡ ᠦᠶᠡᠰ ᠬᠡᠮᠵᠢᠭᠴᠢ ᠶᠢᠨ ᠬᠤᠷᠤᠭᠤ ᠬᠡᠮᠵᠢᠭᠦᠯᠦᠭᠴᠢ ᠶᠢᠨ ᠯᠤᠠᠠᠰᠢᠭᠤᠨ ᠰᠤᠳᠡᠯ ᠤᠨ ᠯᠤᠠᠠᠰᠢᠯᠲᠠ ᠶᠢ ᠰᠡᠷᠡᠵᠦ ᠮᠡᠳᠡᠨ᠎ᠡ᠃ ᠬᠡᠮᠵᠢᠭᠴᠢ ᠶᠢᠨ ᠬᠤᠷᠤᠭᠤ ᠶᠢᠨ ᠬᠡᠮᠵᠢᠭᠦᠭᠯᠦᠭᠴᠢ ᠶᠢᠨ ᠱᠤ᠋ ᠶᠢᠨ ᠯᠤᠠᠠᠰᠢᠭᠤᠨ ᠰᠤᠳᠡᠯ ᠤᠨ ᠳᠡᠭᠡᠷ᠎ᠡ ᠦᠭᠬᠦ ᠳᠠᠷᠤᠯᠲᠠ ᠶᠢᠨ ᠶᠡᠭᠡ ᠪᠠᠭ᠎ᠠ ᠨᠢ ᠰᠤᠳᠡᠯ ᠤᠨ ᠯᠤᠠᠠᠰᠢᠯᠲᠠ ᠶᠢ ᠳᠤᠲᠤᠷᠬᠠᠢ ᠰᠡᠷᠡᠵᠦ ᠮᠡᠳᠡᠵᠦ ᠳᠡᠶᠢᠯᠪᠡᠯ ᠪᠤᠯᠴᠢᠬᠠᠨ᠎ᠠ᠃ ᠲᠡᠭᠡᠭᠡᠳ 1 ᠮᠢᠨᠦ᠋ᠲ ᠤᠨ ᠲᠤᠳᠤᠷᠠᠬᠢ ᠰᠤᠳᠡᠯ ᠤᠨ ᠯᠤᠠᠠᠰᠢᠯᠲᠠ ᠶᠢᠨ ᠴᠤᠬᠢᠯᠲᠠ ᠶᠢᠨ ᠲᠤᠭ᠎ᠠ ᠶᠢ ᠲᠤᠭᠠᠯᠠᠬᠤ ᠪᠤᠶᠤ ᠬᠠᠭᠠᠰ ᠮᠢᠨᠦ᠋ᠲ ᠤᠨ ᠰᠤᠳᠡᠯ ᠤᠨ ᠯᠤᠠᠠᠰᠢᠯᠲᠠ ᠶᠢᠨ ᠲᠤᠭ᠎ᠠ ᠶᠢ ᠪᠠᠶᠢᠴᠠᠭᠠᠬᠤ 2 ᠢᠶᠠᠷ ᠦᠷᠡᠵᠢᠭᠦᠯᠦᠨ᠎ᠡ᠃ ᠵᠠᠷᠢᠮ ᠳᠠᠭᠠᠨ᠂ 15 ᠰᠧᠺᠦ᠋ᠨ᠋ᠳ᠋ ᠤᠨ ᠰᠤᠳᠡᠯ ᠤᠨ ᠯᠤᠠᠠᠰᠢᠯᠲᠠ ᠶᠢ ᠪᠠᠶᠢᠴᠠᠭᠠᠵᠦ᠂ 4 ᠪᠠᠷ ᠦᠷᠡᠵᠢᠭᠦᠯᠦᠭᠰᠡᠨ ᠴᠦ ᠪᠤᠯᠤᠨ᠎ᠠ᠃ ᠮᠢᠨᠦ᠋ᠲ ᠪᠦᠷᠢ ᠶᠢᠨ ᠰᠤᠳᠡᠯ ᠤᠨ ᠯᠤᠠᠠᠰᠢᠯᠲᠠ ᠶᠢᠨ ᠲᠤᠭ᠎ᠠ ᠶᠢ ᠪᠤᠳᠤᠵᠦ ᠭᠠᠷᠭᠠᠨ᠎ᠠ᠃    ᠰᠤᠳᠡᠯ ᠤᠨ ᠯᠤᠠᠠᠰᠢᠯᠲᠠ ᠶᠢ ᠬᠡᠮᠵᠢᠬᠦ ᠳᠡᠭᠡᠨ᠂ ᠰᠤᠳᠡᠯ ᠤᠨ ᠯᠤᠠᠠᠰᠢᠯᠲᠠ ᠶᠢᠨ ᠭᠡᠮ ᠪᠠ ᠴᠢᠩᠭ᠎ᠠ ᠰᠤᠯᠠ ᠶᠢ ᠠᠩᠬᠠᠷᠤᠨ᠎ᠠ᠃ ᠵᠢᠱᠢᠶᠡᠯᠡᠪᠡᠯ᠄ ᠬᠤᠶᠠᠷ ᠤᠳᠠᠭ᠎ᠠ ᠪᠦᠢᠷᠢ ᠶᠢᠨ ᠯᠤᠠᠠᠰᠢᠯᠲᠠ ᠶᠢᠨ ᠵᠠᠢ ᠨᠢ ᠵᠠᠷᠢᠮ ᠳᠠᠭᠠᠨ ᠬᠤᠷᠳᠤᠨ ᠵᠠᠷᠢᠮ ᠳᠠᠭᠠᠨ ᠤᠳᠠᠭᠠᠨ ᠡᠰᠡᠬᠦ ᠪᠤᠶᠤ ᠵᠢᠷᠦᠬᠡᠨ ᠤ ᠬᠡᠮᠨᠡᠯ ᠳᠡᠭᠰᠢ ᠪᠤᠰᠦ ᠡᠰᠡᠬᠦ ︵ᠳᠠᠷᠤᠢ ᠰᠤᠳᠡᠯ ᠤᠨ ᠯᠤᠠᠠᠰᠢᠯᠲᠠ ᠶᠢᠨ ᠴᠤᠬᠢᠯᠲᠠ ᠶᠢᠨ ᠬᠤᠭᠤᠷᠤᠠᠳᠦᠬᠢ ᠴᠠᠭ ᠨᠢ ᠵᠢᠭᠳᠡ ᠪᠤᠰᠦ︶᠂ ᠵᠢᠴᠢ ᠰᠤᠳᠡᠯ ᠤᠨ ᠯᠤᠠᠠᠰᠢᠯᠲᠠ ᠶᠢᠨ ᠴᠤᠬᠢᠯᠲᠠ ᠨᠢ ᠬᠦᠴᠦᠳᠡᠢ ᠪᠤᠶᠤ ᠰᠤᠯᠠ ᠡᠰᠡᠬᠦ ᠶᠢ ᠠᠩᠬᠠᠷᠤᠨ᠎ᠠ᠃    ᠵᠠᠷᠢᠮ ᠪᠠᠶᠢᠳᠡᠯ ᠳᠤᠤᠷ᠎ᠠ᠂ ᠬᠡᠷᠪᠡ ᠱᠤ᠋ ᠶᠢᠨ ᠯᠤᠠᠠᠰᠢᠭᠤᠨ ᠰᠤᠳᠡᠯ ᠢ ᠪᠠᠶᠢᠴᠠᠭᠠᠵᠦ ᠳᠡᠶᠢᠯᠬᠦ ᠦᠭᠡᠢ ᠪᠤᠯ ᠪᠠᠰᠠ ᠴᠢᠮᠠᠷᠬᠠᠢ ᠶᠢᠨ ᠯᠤᠠᠠᠰᠢᠭᠤᠨ ᠰᠤᠳᠡᠯ ︵ᠲᠤᠯᠤᠭᠠᠢ ᠶᠢᠨ ᠬᠡᠰᠡᠭ ᠤᠨ ︽ᠴᠢᠮᠠᠷᠬᠠᠢ ᠶᠢᠨ ᠪᠠᠯᠴᠢᠷ︾ ᠤᠨ ᠬᠡᠰᠡᠭ︶᠂ ᠬᠦᠵᠦᠭᠦᠨ ᠤ ᠯᠤᠠᠠᠰᠢᠭᠤᠨ ᠰᠤᠳᠡᠯ ︵ᠬᠦᠵᠦᠭᠦᠨ ᠤ ᠡᠮᠦᠨ᠎ᠡ ᠬᠡᠰᠡᠭ ᠤᠨ ᠴᠢᠬᠢᠨ ᠤ ᠤᠠᠵᠢᠯᠭ᠎ᠠ ᠶᠢᠨ ᠳᠤᠤᠷ᠎ᠠ ᠲᠠᠯ᠎ᠠ᠂ ᠡᠷᠡᠭᠳᠡᠢ ᠶᠢᠨ ᠲᠦᠪᠦᠩᠬᠡᠢ ᠶᠢᠨ ᠬᠤᠶᠢᠲᠦ ᠲᠠᠯ᠎ᠠ ᠶᠢᠨ ᠬᠡᠰᠡᠭ ᠲᠤ ᠪᠤᠢ︶᠂ ᠠᠳᠬᠤᠭᠠᠯ ᠤᠨ ᠰᠤᠳᠡᠯ ︵ᠲᠤᠬᠤᠢ ᠶᠢᠨ ᠬᠤᠩᠬᠤᠷ ᠤᠨ ᠳᠤᠲᠤᠷ᠎ᠠ ᠲᠠᠯ᠎ᠠ︶᠂ ᠭᠤᠶ᠎ᠠ ᠶᠢᠨ ᠯᠤᠠᠠᠰᠢᠭᠤᠨ ᠰᠤᠳᠡᠯ ︵ᠪᠦᠳᠦᠭᠦᠨ ᠭᠤᠶ᠎ᠠ ᠶᠢᠨ ᠤᠭ ᠲᠤ ᠪᠤᠢ᠂ ᠲᠠᠰᠢᠶᠠᠨ ᠤ ᠡᠮᠦᠨ᠎ᠡ ᠳᠡᠭᠡᠳᠦ ᠰᠡᠷᠪᠡᠭᠡ ᠪᠠ ᠤᠮᠠᠳᠠᠭ ᠶᠠᠰᠦ ᠲᠠᠢ ᠬᠤᠯᠪᠤᠠᠠᠳᠠᠬᠤ ᠳᠤᠮᠳᠠ ᠴᠡᠭ ᠲᠤ ᠪᠤᠢ︶᠂ ᠳᠠᠬᠢᠮ ᠤᠨ ᠯᠤᠠᠠᠰᠢᠭᠤᠨ ᠰᠤᠳᠡᠯ ︵ᠡᠪᠦᠳᠦᠭ ᠤᠨ ᠦᠶ᠎ᠡ ᠶᠢᠨ ᠬᠤᠶᠢᠲᠦ ᠬᠡᠰᠡᠭ ᠤᠨ ᠳᠠᠬᠢᠮ ᠤᠨ ᠬᠤᠩᠬᠤᠷ ᠤᠨ ᠲᠦᠪ ᠭᠦᠨ ᠬᠡᠰᠡᠭ ᠲᠤ ᠪᠤᠢ︶᠂ ᠰᠢᠯᠪᠢ ᠶᠢᠨ ᠬᠤᠶᠢᠲᠤᠬᠢ ᠯᠤᠠᠠᠰᠢᠭᠤᠨ ᠰᠤᠳᠡᠯ ︵ᠳᠤᠲᠤᠷ᠎ᠠ ᠱᠠᠭ᠎ᠠ ᠶᠢᠨ ᠬᠤᠶᠢᠲᠦ ᠬᠦᠪᠡᠭᠡ ᠪᠠ ᠦᠰᠦᠬᠡᠢ ᠶᠢᠨ ᠰᠢᠷᠪᠤᠰᠦ ᠶᠢᠨ ᠲᠤᠳᠤᠷ᠎ᠠ ᠬᠦᠪᠡᠭᠡ ᠶᠢᠨ ᠬᠤᠭᠤᠷᠤᠠᠳᠦᠬᠢ ᠲᠦᠪ ᠴᠡᠭ ᠤᠨ ᠬᠡᠰᠡᠭ︶᠂ ᠦᠯᠮᠡᠢ ᠶᠢᠨ ᠯᠤᠠᠠᠰᠢᠭᠤᠨ ᠰᠤᠳᠡᠯ ︵ᠱᠠᠭ᠎ᠠ ᠶᠢᠨ ᠦᠶ᠎ᠡ ᠶᠢᠨ ᠡᠮᠦᠨᠡᠬᠢ ᠦᠯᠮᠡᠢ ᠶᠢᠨ ᠬᠡᠰᠡᠭ ᠤᠨ ᠨᠢᠭᠡᠳᠦᠭᠡᠷ᠂ ᠬᠤᠶᠠᠳᠤᠭᠠᠷ ᠮᠡᠭᠦᠷᠬᠡᠢ ᠶᠢᠨ ᠶᠠᠰᠦ ᠶᠢᠨ ᠳᠤᠮᠳᠠ︶ ᠵᠡᠷᠭᠡ ᠪᠤᠯᠤᠨ᠎ᠠ᠃  
 
ᠢᠷᠡᠯᠲᠡ᠄ ᠦᠪᠥᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号