ᠭᠠᠯ ᠤᠨ ᠭᠠᠮᠰᠢᠭ ᠡᠭᠦᠰᠬᠦ ᠦᠶ᠎ᠡ ᠳᠤ ᠤᠲᠤᠭ᠎ᠠ ᠮᠠᠨᠠᠨ ᠢ ᠲᠤᠰᠭᠠᠷᠯᠠᠵᠦ᠂ ᠨᠦᠢᠳᠡᠨ ᠠᠯᠴᠢᠭᠤᠷ ᠪᠠᠷ ᠠᠮ᠎ᠠ ᠬᠠᠮᠠᠷ ᠢᠶᠠᠨ ᠲᠬᠠᠯᠠᠨ᠂ ᠪᠦᠬᠦ᠋ᠢᠨ ᠬᠦᠶᠦᠵᠦ ᠠᠶᠤᠯ ᠠᠴᠠ ᠮᠤᠯᠳᠤᠷᠠᠬᠤ ᠶᠢ ᠮᠡᠳᠡᠬᠦ ᠬᠡᠷᠡᠭᠳᠡᠢ᠃ 119 ᠤᠳᠠᠰᠦ ᠪᠠᠷ ᠭᠠᠯ ᠤᠨ ᠭᠠᠮᠰᠢᠭ ᠢ ᠮᠡᠳᠡᠭᠦᠯᠵᠦ ᠴᠢᠳᠠᠬᠤ ᠦᠭᠡᠢ
ᠨᠡᠶᠢᠲᠡᠯᠡᠭᠰᠡᠨ ᠴᠠᠭ᠄
2022/5/25
   ᠭᠠᠯ ᠤᠨ ᠭᠠᠮᠰᠢᠭ ᠨᠢ ᠠᠷᠠᠳ ᠲᠦᠮᠡᠨ ᠤ ᠠᠮᠢ ᠨᠠᠰᠦ ᠪᠠ ᠡᠳ᠋ ᠬᠤᠨ᠋ᠠᠰᠢᠯ ᠳᠤ ᠯᠤᠲᠦ ᠶᠡᠭᠡ ᠬᠤᠬᠢᠷᠡᠯ ᠤᠴᠠᠷᠠᠭᠤᠯᠳᠠᠭ᠃ ᠭᠠᠯ ᠤᠨ ᠭᠠᠮᠰᠢᠭ ᠢ ᠠᠶᠠᠠᠳᠠᠭᠠᠨ ᠤ ᠭᠠᠯ ᠤᠨ ᠭᠠᠮᠰᠢᠭ ᠪᠠ ᠵᠤᠷᠢᠭᠤᠳᠡ ᠶᠢᠨ ᠭᠠᠯ ᠤᠨ ᠭᠠᠮᠰᠢᠭ ᠭᠡᠵᠦ ᠬᠤᠪᠢᠶᠠᠳᠠᠭ᠃ ᠭᠠᠵᠠᠷ ᠬᠦᠳᠡᠯᠬᠦ᠂ ᠭᠠᠯᠲᠦ ᠠᠭᠤᠯᠡ ᠳᠡᠯᠪᠡᠷᠡᠬᠦ᠂ ᠠᠶᠤᠩᠭ᠎ᠠ ᠪᠠᠭᠤᠬᠤ᠂ ᠪᠤᠳᠠᠰ ᠠᠶᠠᠠᠳᠠᠭᠠᠨ ᠰᠢᠲᠠᠬᠤ ᠵᠡᠷᠭᠡ ᠰᠢᠯᠲᠠᠭᠠᠨ ᠠᠴᠠ ᠪᠤᠯᠵᠦ ᠡᠭᠦᠰᠦᠭᠰᠡᠨ ᠢ ᠠᠶᠠᠠᠳᠠᠭᠠᠨ ᠤ ᠭᠠᠯ ᠤᠨ ᠭᠠᠮᠰᠢᠭ ᠭᠡᠨ᠎ᠡ᠃ ᠬᠠᠷᠢᠨ ᠡᠳᠦᠷ ᠲᠤᠳᠤᠮ ᠤᠨ ᠦᠢᠯᠡᠳᠪᠦᠷᠢᠯᠡᠯ ᠪᠠ ᠠᠮᠢᠳᠤᠷᠡᠯ ᠲᠤᠮᠳᠠ ᠭᠠᠯ᠂ ᠴᠠᠬᠢᠯᠭᠠᠨ᠂ ᠰᠢᠩᠭᠡᠵᠢᠭᠰᠡᠨ ᠴᠢᠯᠠᠭᠤᠨ ᠲᠤᠰᠤᠨ ᠤ ᠬᠡᠢ ᠵᠡᠷᠭᠡ ᠶᠢ ᠠᠮᠤᠷ ᠲᠦᠪᠰᠢᠨ ᠬᠡᠷᠡᠭᠯᠡᠬᠦ ᠲᠤᠠᠠᠲᠠᠭᠠᠯ ᠠᠴᠠ ᠵᠦᠷᠢᠴᠡᠨ ᠬᠡᠷᠡᠭᠯᠡᠭᠰᠡᠨ ᠵᠢᠴᠢ ᠭᠠᠯ ᠢᠶᠠᠷ ᠨᠠᠭᠠᠳᠬᠤ᠂ ᠲᠠᠮᠠᠬᠢ ᠳᠠᠲᠠᠬᠤ ᠵᠡᠷᠭᠡ ᠠᠴᠠ ᠪᠤᠯᠵᠦ ᠡᠭᠦᠰᠦᠭᠰᠡᠨ ᠢ ᠵᠤᠷᠢᠭᠤᠳᠡ ᠶᠢᠨ ᠭᠠᠯ ᠤᠨ ᠭᠠᠮᠰᠢᠭ ᠭᠡᠨ᠎ᠡ᠃    ᠭᠠᠯ ᠤᠨ ᠭᠠᠮᠰᠢᠭ ᠡᠭᠦᠰᠦᠭᠰᠡᠨ ᠦᠶ᠎ᠡ ᠳᠤ ᠡᠷᠬᠡᠪᠰᠢ ᠯᠠᠪᠳᠠᠭᠤᠨ ᠲᠤᠠᠠᠲᠠᠭᠤᠨ ᠪᠠᠶᠢᠬᠤ ᠬᠡᠷᠡᠭᠳᠡᠢ᠃ ᠭᠠᠯ ᠤᠨ ᠭᠠᠮᠰᠢᠭ ᠰᠠᠶ᠋ᠢ ᠡᠭᠦᠰᠬᠦ ᠳᠡᠭᠡᠨ ᠰᠢᠲᠠᠬᠤ ᠬᠡᠮᠵᠢᠶ᠎ᠡ ᠨᠢ ᠪᠠᠭ᠎ᠠ᠂ ᠢᠯᠴᠢ ᠢᠯᠭᠠᠷᠠᠭᠤᠯᠤᠯᠲᠠ ᠶᠡᠭᠡ ᠪᠢᠰᠢ ᠪᠤᠯᠬᠤᠷ ᠬᠠᠮᠤᠭ ᠰᠢᠷᠦᠢ᠂ ᠨᠤᠷᠭᠠᠭᠰᠠᠨ ᠠᠯᠴᠢᠭᠤᠷ᠂ ᠬᠦᠪᠤᠡᠭ ᠬᠦᠠᠵᠢᠯᠡ᠂ ᠮᠡᠳᠡᠢ ᠵᠡᠷᠭᠡ ᠪᠠᠷ ᠳᠠᠷᠤᠵᠦ ᠤᠠᠳᠠᠷᠭᠠᠵᠦ ᠪᠤᠯᠤᠨ᠎ᠠ᠃ ᠬᠡᠷᠪᠡ ᠬᠡᠪᠴᠢᠶ᠎ᠡ ᠨᠢ ᠶᠡᠭᠡ ᠪᠦᠭᠡᠳ ᠦᠷᠭᠦᠯᠵᠢᠯᠡᠨ ᠶᠡᠬᠡᠳᠬᠦ ᠪᠤᠯᠤᠮᠵᠢ ᠲᠠᠢ ᠪᠠᠶᠢᠪᠡᠯ ᠤᠠᠲᠠᠷᠠᠭᠠᠬᠤ ᠪᠠᠷ ᠴᠢᠷᠮᠠᠶᠢᠭᠰᠠᠨ ᠤ ᠬᠡᠷᠡᠭ ᠦᠭᠡᠢ᠃ ᠬᠠᠷᠢᠨ ᠲᠤᠬᠠᠢ ᠶᠢᠨ ᠭᠠᠵᠠᠷ ᠠᠴᠠ ᠴᠠᠭ ᠢ ᠠᠮᠵᠢᠨ ᠲᠤᠲᠠᠭᠠᠨ ᠵᠠᠶᠢᠯᠠᠵᠦ᠂ 119 ᠪᠠᠷ ᠦᠳᠠᠰᠤᠳᠡᠨ᠂ ᠭᠠᠯ ᠤᠠᠲᠠᠷᠠᠭᠠᠬᠤ ᠠᠩᠬᠢ ᠳᠤ ᠮᠡᠳᠡᠭᠳᠡᠨ᠎ᠡ ︵ᠮᠠᠨ ᠤ ᠤᠯᠤᠰ ᠤᠨ ᠵᠠᠷᠢᠮ ᠭᠠᠵᠠᠷ ᠤᠷᠤᠨ ᠳᠤ 110.119.120 ᠢ ᠨᠢᠭᠡᠳᠭᠡᠭᠰᠡᠨ ᠪᠠᠶᠢᠳᠠᠭ᠂ ᠡᠨᠡ ᠪᠠᠶᠢᠳᠡᠯ ᠳᠤ 110 ᠳᠤ ᠤᠳᠠᠰᠤᠳᠡᠵᠦ ᠪᠤᠯᠤᠨ᠎ᠠ᠃︶ ᠤᠳᠠᠰᠦ ᠪᠤᠶᠤ ᠭᠠᠯ ᠤᠠᠲᠠᠷᠭᠠᠬᠤ ᠠᠩᠬᠢ ᠦᠭᠡᠢ ᠬᠦᠳᠡᠭᠡ ᠲᠤᠰᠬᠤᠨ ᠪᠤᠶᠤ ᠠᠯᠤᠰ ᠬᠢᠵᠠᠭᠠᠷ ᠭᠠᠵᠠᠷ ᠤᠷᠤᠨ ᠳᠤ ᠪᠤᠯ ᠬᠡᠩᠬᠡᠷᠭᠡ ᠴᠡᠭ ᠳᠡᠯᠡᠳᠦᠨ᠂ ᠱᠦᠭᠯᠦ ᠦᠯᠢᠶᠡᠵᠦ᠂ ᠬᠠᠰᠬᠢᠷᠬᠤ ᠵᠡᠷᠭᠡ ᠠᠷᠭ᠎ᠠ ᠪᠠᠷ ᠳᠠᠮᠵᠢᠨ ᠲᠤᠭᠤᠷᠢᠨ ᠤ ᠬᠦᠮᠦᠰ ᠲᠡᠭᠡᠨ ᠮᠡᠳᠡᠭᠳᠡᠨ᠎ᠡ᠃ ᠲᠦᠭᠰᠢᠭᠦᠷᠢ ᠮᠡᠳᠡᠭᠡᠯᠡᠬᠦ ᠳᠡᠭᠡᠨ ᠲᠦᠢᠮᠡᠷ ᠡᠭᠦᠰᠦᠭᠰᠡᠨ ᠪᠠᠶᠢᠭᠤᠯᠭ᠎ᠠ᠂ ᠤᠷᠤᠰᠢᠨ ᠰᠠᠭᠤᠭ᠎ᠠ ᠤᠷᠤᠨ ︵ᠰᠢᠶᠠᠨ︶᠂ ᠵᠡᠭᠡᠯᠢ᠂ ᠭᠤᠳᠤᠮᠵᠢ᠂ ᠡᠭᠦᠳᠡᠨ ᠳ᠋ᠤᠭᠠᠷ ᠵᠡᠷᠭᠡ ᠪᠠᠨ ᠲᠤᠳᠤ ᠬᠡᠯᠡᠬᠦ ᠬᠡᠷᠡᠭᠳᠡᠢ ᠪᠦᠭᠡᠳ ᠭᠠᠯ ᠤᠨ ᠭᠠᠮᠰᠢᠭ ᠶᠠᠭᠤᠨ ᠠᠴᠠ ᠡᠭᠦᠰᠴᠦ ᠶᠠᠮᠠᠷ ᠪᠤᠯᠵᠦ ᠪᠠᠶᠢᠭ᠎ᠠ ᠪᠠᠨ ᠲᠤᠳᠤᠷᠬᠠᠶᠢᠯᠠᠨ᠎ᠠ᠃ ᠪᠠᠰᠠ ᠲᠦᠭᠰᠢᠭᠦᠷᠢ ᠮᠡᠳᠡᠭᠡᠯᠡᠭᠰᠡᠨ ᠬᠦᠮᠦᠨ ᠤ ᠨᠡᠷ᠎ᠡ᠂ ᠤᠳᠠᠰᠤᠨ ᠳ᠋ᠤᠭᠠᠷ ᠪᠠ ᠬᠠᠶ᠋ᠢᠭ ᠢᠶᠠᠨ ᠲᠤᠳᠤ ᠮᠡᠳᠡᠭᠳᠡᠨ᠎ᠡ᠃ ᠲᠦᠭᠰᠢᠭᠦᠷᠢ ᠮᠡᠳᠡᠭᠡᠯᠡᠭᠰᠡᠨ ᠤ ᠬᠤᠶᠢᠨ᠎ᠠ ᠲᠤᠰᠬᠠᠢ ᠬᠦᠮᠦᠨ ᠲᠤᠮᠢᠯᠠᠨ ᠵᠠᠮ ᠤᠨ ᠬᠠᠵᠠᠭᠤ ᠳᠤ ᠭᠠᠯ ᠤᠠᠲᠠᠷᠠᠭᠠᠬᠤ ᠲᠡᠷᠭᠡ ᠶᠢ ᠲᠤᠰᠤᠭᠤᠯᠤᠨ᠂ ᠭᠠᠯ ᠤ ᠭᠠᠮᠰᠢᠭ ᠡᠭᠦᠰᠦᠭᠰᠡᠨ ᠭᠠᠵᠠᠷ ᠬᠦᠷᠬᠦ ᠵᠠᠮ ᠤᠷᠤᠭᠤ ᠵᠢᠯᠤᠭᠤᠳᠤᠭᠤᠯᠤᠨ᠎ᠠ᠃    ᠠᠮᠢᠳᠤᠷᠡᠯ ᠲᠤᠮᠳᠠ ᠤᠪᠠᠶᠢᠨ ᠳᠤ ᠦᠭᠡᠢ ᠭᠠᠯ ᠳᠤ ᠪᠦᠰᠡᠯᠡᠭᠳᠡᠪᠡᠯ᠂ ᠨᠦᠭᠦᠴᠡᠯ ᠪᠠᠶᠢᠳᠡᠯ ᠳᠤ ᠵᠤᠬᠢᠴᠠᠭᠤᠯᠤᠨ᠂ ᠠᠶᠤᠯ ᠠᠴᠠ ᠠᠷᠭᠠᠯᠠᠨ ᠮᠤᠯᠲᠤᠷᠠᠨ᠎ᠠ᠃ ᠬᠡᠷᠪᠡ ᠤᠠᠲᠠᠵᠦ ᠪᠠᠶᠢᠬᠤ ᠳᠠᠭᠠᠨ ᠤᠲᠤᠭᠠᠨ ᠳᠤ ᠬᠠᠭ᠋ᠠᠵᠦ ᠰᠡᠷᠡᠪᠡᠯ᠂ ᠳᠠᠷᠤᠢ ᠲᠦᠷᠭᠡᠨ ᠤᠷᠤᠨ ᠠᠴᠠ ᠪᠠᠨ ᠪᠠᠭᠤᠵᠦ ᠦᠷᠦᠭᠡᠨ ᠠᠴᠠ ᠪᠠᠨ ᠪᠦᠬᠦ᠋ᠢᠨ ᠬᠦᠶᠦᠵᠦ ᠭᠠᠷᠤᠨ᠎ᠠ᠃ ᠬᠤᠪᠴᠠᠰᠦ ᠬᠤᠨᠠᠷ ᠢᠶᠠᠨ ᠡᠮᠦᠰᠬᠦ ᠭᠡᠵᠦ ᠤᠷᠤᠯᠳᠤᠭᠰᠠᠨ ᠤ ᠴᠢᠬᠤᠯᠠ ᠦᠭᠡᠢ᠃ ᠬᠡᠷᠪᠡ ᠪᠦᠬᠦ ᠦᠷᠦᠬᠡ ᠨᠤᠴᠤᠠᠠᠰᠠᠨ ᠪᠠᠶᠢᠪᠡᠯ ᠡᠭᠦᠳᠡ ᠤᠷᠤᠭᠤ ᠮᠦᠯᠬᠦᠨ᠎ᠡ᠃ ᠭᠠᠯ ᠤᠨ ᠭᠠᠮᠰᠢᠭ ᠨᠢ ᠬᠤᠤᠷᠲᠦ ᠤᠲᠤᠭ᠎ᠠ ᠡᠭᠦᠰᠭᠡᠳᠡᠭ ᠤᠴᠢᠷ ᠠᠴᠠ ᠠᠶᠤᠯ ᠠᠴᠠ ᠲᠤᠲᠠᠭᠠᠬᠤ ᠳᠠᠭᠠᠨ ᠨᠦᠢᠳᠡᠨ ᠠᠯᠴᠢᠭᠤᠷ ᠪᠤᠶᠤ ᠬᠤᠪᠴᠠᠰᠤᠨ ᠡᠩᠭᠡᠷ ᠢᠶᠠᠷ ᠢᠶᠠᠨ ᠠᠮᠠ ᠬᠠᠮᠠᠷ ᠢᠶᠠᠨ ᠲᠬᠠᠯᠠᠨ᠎ᠠ᠃ ᠭᠠᠯ ᠡᠭᠦᠳᠡ ᠶᠢ ᠳᠠᠭᠯᠠᠭᠰᠠᠨ ᠪᠠᠶᠢᠪᠡᠯ ᠡᠭᠦᠳᠡ ᠪᠠᠷ ᠲᠤᠲᠠᠭᠠᠬᠤ ᠶᠢ ᠵᠤᠷᠢᠵᠦ ᠪᠤᠯᠬᠤ ᠦᠭᠡᠢ᠂ ᠪᠤᠰᠤᠳ ᠭᠠᠷᠤᠴᠠ ᠪᠠᠷ ᠲᠤᠲᠠᠭᠠᠬᠤ ᠶᠢᠨ ᠬᠠᠮᠲᠦ ᠡᠭᠦᠳᠡ ᠴᠤᠩᠬᠤ ᠪᠠᠨ ᠬᠠᠭᠠᠵᠦ᠂ ᠭᠠᠯ ᠦᠷᠭᠡᠵᠢᠵᠦ ᠪᠤᠰᠤᠳ ᠦᠷᠦᠭᠡᠨ ᠳᠤ ᠤᠷᠤᠬᠤ ᠶᠢ ᠤᠳᠠᠭᠠᠰᠢᠷᠠᠭᠤᠯᠤᠨ᠎ᠠ᠂ ᠬᠡᠷᠪᠡ ᠦᠷᠦᠭᠡ ᠶᠢ ᠭᠠᠯ ᠤᠲᠤᠭ᠎ᠠ ᠪᠦᠰᠡᠯᠡᠭᠰᠡᠨ ᠪᠠᠶᠢᠪᠡᠯ ᠳᠠᠩᠰᠠ ᠪᠤᠶᠤ ᠬᠦᠪᠤᠡᠭ ᠬᠦᠠᠵᠢᠯᠡ ᠪᠠᠨ ᠤᠰᠤᠨ ᠳᠤ ᠨᠤᠷᠭᠠᠵᠦ ᠪᠡᠶ᠎ᠡ ᠳᠡᠭᠡᠷ᠎ᠡ ᠪᠠᠨ ᠨᠦᠮᠦᠷᠬᠦ ᠬᠡᠷᠡᠭᠳᠡᠢ᠂ ᠢᠯᠠᠩᠭᠤᠶ᠎ᠠ ᠲᠤᠯᠤᠭᠠᠢ ᠶᠢᠨ ᠬᠡᠰᠡᠭ ᠢᠶᠠᠨ ᠰᠠᠶᠢᠨ ᠪᠦᠳᠡᠭᠡᠵᠦ᠂ ᠨᠦᠢᠳᠡᠨ ᠠᠯᠴᠢᠭᠤᠷ ᠢᠶᠠᠷ ᠠᠮ᠎ᠠ ᠬᠠᠮᠠᠷ ᠢᠶᠠᠨ ᠳᠠᠭᠯᠠᠭᠰᠠᠨ ᠤ ᠳᠠᠷᠠᠭ᠎ᠠ ᠰᠠᠶ᠋ᠢ ᠭᠠᠳᠠᠭᠰᠢ ᠳᠡᠮᠡᠤᠯᠤᠨ᠎ᠡ᠃ ᠤᠷᠤᠨ ᠳᠤᠤᠷ᠎ᠠ ᠪᠠᠨ ᠬᠡᠪᠳᠡᠬᠦ᠂ ᠰᠢᠷᠡᠭᠡᠨ ᠳᠤᠤᠷ᠎ᠠ ᠪᠠᠨ ᠬᠡᠪᠳᠡᠬᠦ ᠪᠤᠶᠤ ᠬᠠᠨᠠᠨ ᠬᠤᠷᠭᠤ ᠳᠤ ᠶᠠᠭᠠᠬᠢᠭᠰᠠᠨ ᠴᠦ ᠨᠢᠭᠤᠵᠦ ᠪᠤᠯᠬᠤ ᠦᠭᠡᠢ᠃ ᠨᠡᠩ ᠴᠦ ᠭᠡᠷ ᠳᠤᠲᠤᠷᠠᠬᠢ ᠦᠨ᠎ᠡ ᠪᠡᠨ᠎ᠡ ᠲᠠᠢ ᠵᠦᠢᠯᠡᠰ ᠢᠶᠠᠨ ᠭᠠᠷᠭᠠᠵᠦ ᠠᠪᠬᠤ ᠭᠡᠵᠦ ᠨᠤᠴᠤᠵᠦ ᠪᠠᠶᠢᠭ᠎ᠠ ᠦᠷᠦᠭᠡᠨ ᠳᠤ ᠪᠤᠴᠠᠨ ᠤᠷᠤᠵᠦ ᠪᠤᠯᠬᠤ ᠦᠭᠡᠢ᠃    ᠠᠰᠠᠷ ᠳᠤ ᠭᠠᠯ ᠤᠨ ᠭᠠᠮᠰᠢᠭ ᠡᠭᠦᠰᠪᠡᠯ ᠴᠢᠳᠠᠬᠤ ᠶᠢᠨ ᠬᠢᠷᠢ ᠳᠡᠭᠡᠨ ᠲᠤᠬᠠᠢ ᠶᠢᠨ ᠭᠠᠵᠠᠷ ᠠᠴᠠ ᠲᠦᠷᠭᠡᠨ ᠵᠠᠶᠢᠯᠠᠬᠤ ᠪᠤᠶᠤ ᠰᠢᠯᠵᠢᠨ᠎ᠡ᠃ ᠭᠡᠲᠡᠯ᠎ᠡ ᠴᠠᠬᠢᠯᠭᠠᠨ ᠱᠠᠳᠤᠨ ᠳᠤ ᠰᠠᠭᠤᠵᠦ ᠪᠤᠯᠬᠤ ᠦᠭᠡᠢ᠃ ᠬᠡᠷᠪᠡ ᠠᠰᠠᠷ ᠤᠨ ᠱᠠᠲᠦ ᠭᠠᠯ ᠳᠤ ᠳᠤ ᠲᠦᠭᠵᠢᠭᠳᠡᠭᠰᠡᠨ ᠪᠠᠶᠢᠪᠡᠯ ᠴᠤᠩᠬᠤᠨ ᠭᠠᠳᠠᠨ᠎ᠠ ᠤᠭᠰᠠᠷᠠᠭᠰᠠᠨ ᠤᠰᠦ ᠳᠠᠲᠠᠷᠠᠭᠤᠯᠬᠤ ᠬᠤᠭᠤᠯᠠᠢ ᠶᠢ ᠠᠳᠬᠤᠵᠦ ᠳᠤᠷᠤᠠᠠᠰᠢ ᠪᠠᠭᠤᠨ᠎ᠠ᠃ ᠭᠡᠪᠡᠴᠦ ᠤᠰᠦ ᠳᠠᠲᠠᠷᠠᠭᠤᠯᠬᠤ ᠬᠤᠭᠤᠯᠠᠢ ᠶᠢᠨ ᠪᠠᠲᠦ ᠪᠠᠬᠢ ᠪᠠᠶᠢᠬᠤ ᠶᠢ ᠠᠩᠬᠠᠷᠬᠤ ᠬᠡᠷᠡᠭᠳᠡᠢ᠃ ᠪᠠᠰᠠ ᠨᠢᠭᠡ ᠠᠷᠭ᠎ᠠ ᠭᠡᠪᠡᠯ ᠤᠷᠦ ᠶᠢᠨ ᠪᠦᠳᠡᠭᠡᠯᠭᠡ ᠪᠠᠨ ᠵᠠᠯᠭᠠᠵᠦ᠂ ᠨᠢᠭᠡ ᠦᠵᠦᠭᠦᠷ ᠢ ᠨᠢ ᠴᠤᠩᠬᠤᠨ ᠬᠦᠷᠢᠶ᠎ᠡ ᠪᠤᠶᠤ ᠲᠤᠠᠠᠳᠠᠮᠠᠯ ᠪᠤᠳᠠᠰ ᠲᠤ ᠤᠶᠠᠭᠠᠳ᠂ ᠲᠡᠭᠦᠨ ᠢ ᠲᠠᠭᠠᠨ ᠭᠤᠯᠭᠤᠨ ᠪᠠᠭᠤᠨ᠎ᠠ᠃ ᠭᠠᠯ ᠬᠦᠴᠦᠳᠡᠢ ᠲᠦᠷᠡᠯᠵᠡᠭᠡᠳ ᠭᠠᠷᠬᠤ ᠵᠠᠮ ᠦᠭᠡᠢ ᠪᠤᠯᠤᠭᠰᠠᠨ ᠦᠶ᠎ᠡ ᠳᠤ ᠦᠷᠦᠭᠡᠨ ᠤ ᠡᠭᠦᠳ᠋ᠨ ᠪᠠᠨ ᠪᠠᠲᠦ ᠰᠠᠬᠢᠵᠦ᠂ ᠬᠤᠪᠴᠠᠰᠦ ᠵᠡᠷᠭᠡ ᠪᠠᠷ ᠡᠭᠦᠳᠡᠨ ᠵᠠᠪᠰᠠᠷ ᠢ ᠪᠦᠭᠯᠡᠬᠦ ᠶᠢᠨ ᠰᠠᠴᠠᠭᠤ ᠡᠭᠦᠳᠡ᠂ ᠴᠤᠩᠬᠤ ᠵᠢᠴᠢ ᠭᠡᠷ ᠲᠤᠳᠤᠷᠠᠬᠢ ᠤᠷᠤ᠂ ᠰᠢᠷᠡᠭᠡ ᠰᠠᠠᠳᠠᠯᠢ᠂ ᠬᠦᠠᠵᠢᠯᠡ ᠳᠡᠪᠢᠰᠭᠡᠷ ᠵᠡᠷᠭᠡ ᠨᠤᠴᠤᠳᠠᠭ ᠪᠤᠳᠠᠰ ᠤᠨ ᠳᠡᠭᠡᠷ᠎ᠡ ᠤᠰᠦ ᠰᠠᠴᠤᠨ᠎ᠠ᠃ ᠬᠠᠮᠲᠦ ᠳᠤᠨᠢ ᠭᠠᠯ ᠤᠠᠲᠠᠷᠭᠠᠬᠤ ᠠᠩᠬᠢ ᠳᠤ ᠮᠡᠳᠡᠭᠦᠯᠵᠦ ᠠᠪᠤᠷᠡᠯ ᠳᠠᠭᠤᠳᠠᠨ᠎ᠠ᠃ ᠪᠦᠬᠦ᠋ᠢᠵᠦ ᠪᠠᠶᠢᠭᠠᠳ ᠬᠠᠰᠬᠢᠷᠴᠦ ᠲᠤᠰᠠᠯᠠᠮᠵᠢ ᠳᠠᠭᠤᠳᠠᠨ᠎ᠠ᠂ ᠬᠡᠷᠪᠡ ᠪᠤᠰᠤᠳ ᠲᠤ ᠰᠤᠨᠤᠰᠳᠠᠬᠤ ᠦᠭᠡᠢ ᠭᠡᠵᠦ ᠪᠤᠳᠤᠪᠡᠯ ᠭᠠᠷ ᠳ᠋ᠸᠡᠭ ᠨᠤᠴᠤᠭᠠᠬᠤ ᠪᠠ ᠬᠢᠯᠠᠯᠵᠠᠮ᠎ᠠ ᠦᠩᠭᠡ ᠲᠠᠢ ᠬᠤᠪᠴᠠᠰᠦ᠂ ᠠᠯᠴᠢᠭᠤᠷ ᠢᠶᠠᠨ ᠰᠠᠵᠢᠯᠠᠬᠤ ᠪᠤᠶᠤ ᠠᠰᠠᠷ ᠤᠷᠤᠭᠤ ᠶᠠᠭᠤᠮ᠎ᠠ ᠰᠢᠳᠡᠬᠦ ᠵᠡᠷᠭᠡ ᠠᠷᠭ᠎ᠠ ᠪᠠᠷ ᠬᠦᠮᠦᠰ ᠤᠨ ᠠᠩᠬᠠᠷᠤᠯ ᠢ ᠳᠠᠲᠠᠬᠤ ᠬᠡᠷᠡᠭᠳᠡᠢ᠃    ᠵᠤᠴᠢᠳ ᠤᠨ ᠪᠠᠭᠤᠳᠡᠯ᠂ ᠺᠢᠨᠤ᠋ ᠵᠦᠴᠦᠭᠡ ᠶᠢᠨ ᠲᠢᠶᠠᠳ᠋ᠷ᠂ ᠳᠠᠭᠤᠤ ᠪᠦᠵᠢᠭ ᠤᠨ ᠲᠢᠩᠭᠢᠮ᠂ ᠬᠤᠳᠠᠯᠳᠤᠭᠠᠨ ᠤ ᠳᠡᠯᠡᠪᠤᠷ ᠵᠡᠷᠭᠡ ᠤᠯᠠᠨ ᠨᠡᠶᠢᠲᠡ ᠶᠢᠨ ᠲᠠᠯᠠᠪᠤᠷ ᠲᠤ ᠠᠩᠬ᠎ᠠ ᠤᠴᠢᠬᠤ ᠳᠠᠭᠠᠨ ᠶᠠᠭᠤᠨ ᠤ ᠡᠮᠦᠨ᠎ᠡ ᠲᠠᠶᠢᠪᠤᠡᠭ ᠡᠭᠦᠳᠡ ᠂ ᠪᠠᠴᠢᠮ ᠦᠶ᠎ᠡ ᠳᠤ ᠭᠠᠷᠬᠤ ᠡᠭᠦᠳᠡ᠂ ᠠᠶᠤᠯ ᠦᠭᠡᠢ ᠭᠤᠳᠤᠮ ᠵᠡᠷᠭᠡ ᠶᠢᠨ ᠪᠠᠶᠢᠷᠢ ᠶᠢ ᠠᠵᠢᠠᠠᠯᠠᠵᠦ᠂ ᠪᠠᠴᠢᠮ ᠦᠶ᠎ᠡ ᠳᠤ ᠲᠦᠷᠭᠡᠨ ᠲᠤᠲᠠᠭᠠᠬᠤ ᠱᠤᠭᠤᠮ ᠢᠶᠠᠨ ᠲᠤᠳᠤ ᠪᠤᠯᠭᠠᠨ᠎ᠠ᠃ ᠢᠩᠭᠢᠪᠡᠯ ᠶᠠᠮᠠᠷ ᠨᠢᠭᠡᠨ ᠠᠶᠤᠯ ᠲᠠᠢ ᠬᠡᠷᠡᠭ ᠤᠴᠢᠷ ᠡᠭᠦᠰᠦᠭᠰᠡᠨ ᠴᠦ ᠠᠮᠠᠷᠬᠠᠨ ᠵᠠᠶᠢᠯᠠᠵᠦ ᠴᠢᠳᠠᠨ᠎ᠠ᠃ ᠭᠠᠯ ᠤᠲᠤᠭ᠎ᠠ ᠡᠭᠦᠰᠦᠭᠰᠡᠨ ᠦᠶ᠎ᠡ ᠳᠤ ᠠᠶᠤᠵᠦ ᠰᠠᠠᠳᠤᠷᠬᠤ ᠦᠭᠡᠢ᠂ ᠵᠦᠭ ᠴᠢᠭ ᠢᠶᠠᠨ ᠢᠯᠭᠠᠵᠦ᠂ ᠲᠠᠶᠢᠪᠤᠡᠭ ᠡᠭᠦᠳᠡ ᠪᠠ ᠠᠶᠤᠯ ᠦᠭᠡᠢ ᠭᠠᠷᠤᠴᠠ᠂ ᠠᠶᠤᠯ ᠠᠴᠠ ᠵᠠᠶᠢᠯᠠᠬᠤ ᠦᠷᠦᠬᠡ ᠶᠢ ᠤᠯᠤᠭᠠᠳ ᠲᠤᠬᠠᠢ ᠶᠢᠨ ᠭᠠᠵᠠᠷ ᠠᠴᠠ ᠲᠤᠲᠠᠭᠠᠨ ᠭᠠᠷᠬᠤ ᠱᠤᠭᠤᠮ ᠢᠶᠠᠨ ᠰᠤᠩᠭᠤᠨ᠎ᠠ᠃ ᠢᠩᠬᠢᠭᠰᠡᠨ ᠤ ᠳᠠᠷᠠᠭ᠎ᠠ ᠳᠠᠷᠬᠠᠭᠠᠬᠤ ᠭᠤᠳᠤᠮ ᠢᠶᠠᠷ ᠭᠠᠳ᠋ᠬᠠᠰᠢᠯᠠᠵᠦ᠂ ᠰᠢᠬᠠᠯᠳᠤᠬᠤ᠂ ᠵᠦᠭ ᠴᠢᠭ ᠦᠭᠡᠢ ᠶᠠᠪᠤᠬᠤ᠂ ᠡᠶᠢᠰᠢ ᠲᠡᠶᠢᠰᠢ ᠬᠦᠶᠦᠬᠦ ᠶᠢ ᠴᠡᠭᠡᠷᠯᠡᠨ᠎ᠡ᠃ ᠵᠦᠴᠦᠭᠡ ᠶᠢᠨ ᠲᠠᠯᠠᠪᠤᠷ ᠲᠤ ᠭᠠᠯ ᠤᠨ ᠭᠠᠮᠰᠢᠭ ᠡᠬᠦᠰᠬᠦ ᠲᠠᠢ ᠳᠠᠭᠠᠷᠠᠯᠳᠤᠪᠡᠯ ᠵᠦᠴᠦᠭᠡ ᠶᠢᠨ ᠲᠠᠶᠢᠰᠠ ᠤᠷᠤᠭᠤ ᠬᠦᠶᠦᠵᠦ ᠪᠤᠯᠬᠤ ᠦᠭᠡᠢ᠂ ᠲᠠᠶᠢᠰᠠᠨ ᠳᠡᠭᠡᠷ᠎ᠡ ᠠᠮᠠᠷᠬᠠᠨ ᠰᠢᠲᠠᠬᠤ ᠪᠤᠳᠠᠰ ᠤᠯᠠᠨ ᠪᠠᠶᠢᠬᠤ ᠮᠦᠷᠲᠡᠭᠡᠨ ᠠᠶᠤᠯ ᠦᠭᠡᠢ ᠳᠠᠷᠬᠠᠭᠠᠬᠤ ᠭᠤᠳᠤᠮ ᠨᠢ ᠴᠦ ᠲᠤᠩ ᠨᠠᠷᠢᠬᠠᠨ ᠪᠠᠶᠢᠳᠠᠭ᠃ ᠬᠡᠷᠪᠡ ᠤᠲᠤᠭ᠎ᠠ ᠮᠠᠨᠠᠨ ᠶᠡᠭᠡ ᠪᠤᠶᠤ ᠭᠡᠨᠡᠳᠲᠡ ᠴᠠᠬᠢᠯᠭᠠᠨ ᠲᠠᠰᠤᠷᠡᠪᠡᠯ ᠭᠡᠷᠡᠮ ᠳᠠᠭᠠᠤ ᠳᠡᠮᠳᠡᠷᠬᠢᠯᠡᠨ ᠤᠷᠤᠠᠠᠰᠢᠯᠠᠨ᠎ᠠ᠂ ᠰᠠᠭᠤᠳᠡᠯ ᠤᠨ ᠳᠤᠤᠷ᠎ᠠ ᠪᠤᠶᠤ ᠪᠤᠯᠦᠩ ᠳᠤᠲᠤᠷ᠎ᠠ ᠨᠢᠭᠤᠠᠠᠳᠡᠵᠦ ᠪᠤᠯᠬᠤ ᠦᠭᠡᠢ᠃    ᠬᠡᠷᠪᠡ ᠠᠭᠤᠯᠠᠨ ᠤᠢ ᠳᠤ ᠲᠦᠢᠮᠡᠷ ᠡᠭᠦᠰᠬᠦ ᠲᠠᠢ ᠲᠤᠬᠢᠶᠠᠯᠳᠦᠪᠡᠯ ᠰᠠᠯᠬᠢᠨ ᠤ ᠴᠢᠭᠯᠡᠯ᠂ ᠰᠠᠯᠬᠢᠨ ᠤ ᠬᠦᠴᠦ ᠵᠢᠴᠢ ᠭᠠᠯ ᠤᠨ ᠶᠡᠭᠡ ᠪᠠᠭ᠎ᠠ ᠶᠢ ᠢᠯᠭᠠᠨ ᠲᠠᠨᠢᠵᠦ᠂ ᠰᠠᠯᠬᠢ ᠰᠦᠷᠬᠦ ᠪᠤᠶᠤ ᠰᠠᠯᠬᠢᠨ ᠬᠠᠵᠠᠭᠤᠯᠠᠬᠤ ᠮᠠᠤᠷ ᠲᠦᠪᠰᠢᠨ ᠱᠤᠭᠤᠮ ᠢ ᠰᠤᠩᠭᠤᠨ ᠲᠤᠲᠠᠭᠠᠨ᠎ᠠ᠃ ᠬᠡᠷᠪᠡ ᠰᠠᠯᠬᠢ ᠶᠡᠭᠡ᠂ ᠭᠠᠯ ᠰᠢᠷᠦᠭᠦᠨ ᠮᠦᠷᠲᠡᠭᠡᠨ ᠦᠢᠷᠠᠬᠠᠨ ᠪᠠᠶᠢᠪᠡᠯ ᠠᠰᠬ᠎ᠠ ᠬᠠᠳᠠ᠂ ᠭᠤᠤ ᠰᠤᠪᠠᠭ ᠲᠤ ᠲᠦᠷ ᠳᠠᠯᠳᠠᠯᠠᠵᠦ᠂ ᠭᠠᠯ ᠤᠨ ᠪᠠᠶᠢᠳᠡᠯ ᠨᠠᠮᠳᠠᠭᠰᠠᠨ ᠬᠤᠶᠢᠨ᠎ᠠ ᠠᠶᠤᠯ ᠠᠴᠠ ᠬᠡᠯᠳᠦᠷᠢᠨ᠎ᠡ᠃ ᠬᠡᠷᠪᠡ ᠭᠠᠯ ᠨᠢ ᠬᠦᠮᠦᠰ ᠠᠴᠠ ᠬᠤᠯᠠ ᠪᠠᠶᠢᠪᠡᠯ ᠰᠠᠯᠬᠢ ᠰᠦᠷᠷᠬᠦ ᠴᠢᠭᠯᠡᠯ ᠪᠤᠶᠤ ᠰᠠᠯᠬᠢᠨ ᠤ ᠴᠢᠭᠯᠡᠯ ᠲᠠᠢ ᠡᠭᠴᠡ ᠬᠤᠶᠠᠷ ᠬᠠᠵᠠᠭᠤ ᠴᠢᠭᠯᠡᠯ ᠤᠷᠤᠭᠤ ᠲᠤᠲᠠᠭᠠᠨ᠎ᠠ᠃ ᠶᠠᠭᠠᠬᠢᠭᠰᠠᠨ ᠴᠦ ᠰᠠᠯᠬᠢ ᠤᠷᠤᠭᠤ ᠲᠤᠲᠠᠭᠠᠵᠦ ᠪᠤᠯᠬᠤ ᠦᠭᠡᠢ᠂ ᠤᠴᠢᠷ ᠨᠢ ᠰᠠᠯᠬᠢ᠂ ᠭᠠᠯ ᠤᠨ ᠬᠤᠷᠳᠤᠴᠠ ᠨᠢ ᠬᠦᠮᠦᠨ ᠠᠴᠠ ᠬᠤᠷᠳᠤᠨ ᠪᠠᠶᠢᠳᠠᠭ᠃ ᠬᠡᠷᠪᠡ ᠲᠦᠢᠮᠡᠷ ᠶᠠᠭ ᠲᠤᠯᠵᠦ ᠢᠷᠡᠭᠰᠡᠨ ᠪᠠᠶᠢᠪᠡᠯ ᠵᠤᠬᠢᠬᠤ ᠬᠠᠮᠠᠭᠠᠯᠠᠬᠤ ᠠᠷᠭ᠎ᠠ ᠠᠪᠤᠭᠰᠠᠨ ᠤ ᠳᠠᠷᠠᠭ᠎ᠠ ᠰᠢᠳ᠋ᠬᠠᠳᠡᠵᠦ ᠰᠢᠷᠬᠠᠳᠤᠬᠤ ᠶᠢ ᠬᠠᠶᠢᠬᠤᠷᠤᠯ ᠦᠭᠡᠢ ᠲᠦᠢᠮᠡᠷ ᠤᠷᠤᠭᠤ ᠳᠠᠭᠠᠷᠢᠵᠦ᠂ ᠰᠢᠪᠲᠤᠯᠤᠨ ᠲᠤᠲᠠᠭᠠᠨ᠎ᠠ᠃ ᠤᠪᠠᠶᠢᠨ ᠳᠤ ᠦᠭᠡᠢ ᠪᠠᠷ ᠬᠤᠪᠴᠠᠰᠤᠨ ᠳᠤ ᠭᠠᠯ ᠵᠤᠯᠭᠠᠪᠡᠯ᠂ ᠰᠤᠬᠤᠷ ᠪᠠᠯᠠᠢ ᠪᠠᠷ ᠬᠦᠶᠦᠵᠦ ᠪᠤᠯᠬᠤ ᠦᠭᠡᠢ᠂ ᠭᠠᠷ ᠢᠶᠠᠷ ᠢᠶᠠᠨ ᠬᠦᠪᠢᠵᠦ ᠴᠦ ᠪᠤᠯᠬᠤ ᠦᠭᠡᠢ᠃ ᠬᠠᠷᠢᠨ ᠳᠠᠷᠤᠢ ᠲᠦᠷᠭᠡᠨ ᠭᠠᠵᠠᠷ ᠲᠤ ᠬᠡᠪᠳᠡᠨ ᠤᠷᠪᠠᠨ ᠬᠦᠷᠪᠡᠬᠦ ᠪᠤᠶᠤ ᠬᠠᠵᠠᠭᠤᠳᠡᠬᠢ ᠤᠰᠤᠨ ᠲᠤᠳᠤᠷ᠎ᠠ ᠦᠰᠦᠷᠦᠨ ᠤᠷᠤᠨ᠎ᠠ᠃ ᠬᠡᠷᠪᠡ ᠠᠮᠠᠷᠬᠠᠨ ᠤᠷᠬᠠᠳᠠᠬᠤ ᠬᠤᠪᠴᠠᠰᠦ ᠪᠠᠶᠢᠪᠡᠯ ᠠᠯᠢ ᠲᠦᠷᠭᠡᠨ ᠢᠶᠠᠷ ᠤᠷᠠᠵᠦ ᠳᠡᠶᠢᠯᠦᠨ᠎ᠡ᠃ ᠠᠪᠤᠷᠠᠭᠴᠢ ᠠᠴᠠ ᠭᠠᠯ ᠵᠤᠯᠠᠭᠠᠭᠰᠠᠳ ᠤᠨ ᠪᠡᠶ᠎ᠡ ᠤᠷᠤᠭᠤ ᠤᠰᠦ ᠰᠠᠴᠤᠵᠦ ᠪᠤᠯᠤᠨ᠎ᠠ᠃ ᠬᠤᠪᠴᠠᠰᠦ ᠶᠢ ᠨᠢ ᠤᠷᠠᠵᠦ ᠴᠦ ᠪᠤᠯᠤᠨ᠎ᠠ᠂ ᠭᠡᠲᠡᠯ᠎ᠡ ᠭᠠᠯ ᠤᠠᠲᠠᠷᠭᠠᠭᠤᠷ ᠢᠶᠠᠷ ᠬᠦᠮᠦᠨ ᠤ ᠪᠡᠶ᠎ᠡ ᠤᠷᠤᠭᠤ ᠰᠦᠷᠴᠢᠨ ᠬᠠᠷᠪᠤᠵᠦ ᠪᠤᠯᠬᠤ ᠦᠭᠡᠢ᠂ ᠤᠴᠢᠷ ᠨᠢ ᠳᠡᠭᠡᠪᠡᠯ ᠠᠮᠠᠷᠬᠠᠨ ᠰᠢᠷᠬᠠᠲᠤᠭᠤᠯᠤᠨ᠎ᠠ᠃    ᠭᠠᠯ ᠰᠡᠷᠭᠡᠶᠢᠯᠡᠯᠲᠠ ᠶᠢᠨ ᠠᠶᠤᠯ ᠦᠭᠡᠢ ᠶᠢᠨ ᠳᠡᠮᠳᠡᠭ ᠪᠤᠯ ᠭᠠᠯ ᠰᠡᠷᠭᠡᠶᠢᠯᠡᠬᠦ ᠲᠠᠢ ᠬᠠᠮᠢᠶ᠎ᠠ ᠪᠦᠬᠦᠢ ᠠᠮᠤᠷ ᠲᠦᠪᠰᠢᠨ ᠤ ᠮᠡᠳᠡᠭᠡ ᠵᠠᠩᠬᠢ ᠶᠢ ᠢᠯᠡᠳᠭᠡᠬᠦ ᠳᠡᠮᠳᠡᠭ ᠮᠦᠨ᠃ ᠲᠡᠷᠡ ᠨᠢ ᠭᠠᠯ ᠤᠨ ᠠᠶᠤᠯ ᠢ ᠰᠡᠷᠭᠡᠶᠢᠯᠡᠬᠦ ᠪᠠ ᠭᠠᠯ ᠤᠨ ᠠᠶᠤᠯ ᠠᠴᠠ ᠠᠪᠤᠷᠠᠬᠤ ᠳᠤ ᠬᠦᠠᠳᠦ ᠴᠢᠬᠤᠯᠠ ᠵᠢᠭᠠᠨ ᠵᠢᠯᠤᠭᠤᠳᠬᠤ ᠦᠢᠯᠡᠳᠦᠯ ᠲᠠᠢ ᠪᠠᠶᠢᠳᠠᠭ᠃ ᠳᠤᠤᠷ᠎ᠠ ᠵᠢᠬᠠᠰᠠᠭᠠᠭᠰᠠᠨ ᠪᠤᠯ ᠤᠯᠠᠨ ᠳᠠᠭᠠᠷᠠᠯᠳᠤᠳᠠᠭ ᠬᠡᠳᠦᠨ ᠵᠦᠢᠯ ᠪᠤᠯᠤᠨ᠎ᠠ᠃     ᠡᠭᠦᠨ ᠠᠴᠠ ᠭᠠᠳᠠᠨ᠎ᠠ ᠵᠠᠷᠢᠮ ᠭᠠᠯ ᠤᠠᠲᠠᠷᠭᠠᠬᠤ ᠬᠡᠷᠡᠭᠰᠡᠯ ᠢ ᠬᠡᠷᠡᠭᠯᠡᠵᠦ ᠰᠤᠷᠬᠤ ᠬᠡᠷᠡᠭᠳᠡᠢ᠃ ᠭᠡᠷ ᠪᠦᠯᠢ ᠳᠤ ᠴᠦ ᠭᠠᠯ ᠤᠠᠲᠠᠷᠭᠠᠬᠤ ᠬᠡᠷᠡᠭᠰᠡᠯ ᠢ ᠪᠡᠯᠡᠳᠭᠡᠪᠡᠯ ᠵᠤᠬᠢᠨ᠎ᠠ᠃ ᠬᠡᠷᠪᠡ ᠰᠢᠩᠭᠡᠵᠢᠭᠰᠡᠨ ᠴᠢᠯᠠᠭᠤᠨ ᠲᠤᠰᠤᠨ ᠤ ᠬᠡᠢ ᠭᠤᠭᠤᠵᠢᠵᠦ ᠭᠠᠯ ᠨᠤᠴᠤᠪᠡᠯ ᠠᠯᠴᠢᠭᠤᠷ ᠪᠤᠶᠤ ᠵᠦᠯᠭᠦᠭᠦᠷ ᠢ ᠨᠤᠷᠭᠠᠵᠦ ᠭᠠᠯ ᠨᠤᠴᠤᠠᠠᠰᠠᠨ ᠬᠡᠰᠡᠭ ᠢ ᠪᠦᠲᠡᠭᠡᠭᠡᠳ᠂ ᠨᠡᠭᠡᠯᠡᠬᠡᠢ ᠶᠢ ᠲᠦᠷᠭᠡᠨ ᠬᠠᠭᠠᠨ᠎ᠠ᠃ ᠬᠡᠷᠪᠡ ᠲᠤᠰᠦ ᠲᠠᠢ ᠲᠤᠭᠤᠭ᠎ᠠ ᠨᠤᠴᠤᠪᠡᠯ ᠶᠠᠭᠠᠬᠢᠭᠰᠠᠨ ᠴᠦ ᠤᠰᠦ ᠰᠦᠷᠴᠢᠵᠦ ᠤᠠᠲᠠᠷᠭᠠᠵᠦ ᠪᠤᠯᠬᠤ ᠦᠭᠡᠢ᠂ ᠨᠡᠩ ᠴᠦ ᠰᠢᠭᠤᠳ ᠭᠠᠷ ᠢᠶᠠᠷ ᠢᠶᠠᠨ ᠡᠷᠬᠦᠵᠦ ᠪᠤᠯᠬᠤ ᠦᠭᠡᠢ᠃ ᠠᠮᠠᠰᠠᠷ ᠢ ᠨᠢ ᠲᠦᠷᠭᠡᠨ ᠬᠠᠭᠠᠬᠤ ᠪᠤᠶᠤ ᠪᠡᠯᠡᠳᠭᠡᠭᠡᠳ ᠪᠠᠶᠢᠭᠰᠠᠨ ᠨᠤᠭᠤᠭ᠎ᠠ ᠪᠠᠨ ᠬᠢᠵᠦ ᠤᠷᠤᠭᠤᠯᠪᠡᠯ ᠵᠤᠬᠢᠨ᠎ᠠ᠃ ᠲᠤᠭᠤᠭᠠᠨ ᠳᠠᠬᠢ ᠲᠤᠰᠦ ᠨᠢ ᠠᠭᠠᠷ ᠲᠠᠢ ᠲᠤᠰᠭᠠᠷᠯᠠᠭᠳᠠᠭᠰᠠᠭᠠᠷ ᠯᠠ ᠭᠠᠯ ᠤᠠᠲᠠᠷᠠᠴᠢᠬᠠᠨ᠎ᠠ᠃ ᠭᠡᠷ ᠤᠨ ᠴᠠᠬᠢᠯᠭᠠᠨ ᠬᠡᠷᠡᠭᠯᠡᠭᠦᠷ ᠭᠠᠯ ᠨᠤᠴᠤᠪᠡᠯ ᠳᠠᠷᠤᠢ ᠲᠦᠷᠭᠡᠨ ᠢᠶᠠᠷ ᠴᠠᠬᠢᠯᠭᠠᠨ ᠤ ᠬᠠᠭᠠᠯᠲᠠ ᠶᠢ ᠬᠠᠭᠠᠵᠦ ᠴᠠᠬᠢᠯᠭᠠᠨ ᠢ ᠲᠠᠰᠤᠯᠬᠤ ᠪᠤᠶᠤ ᠤᠠᠠᠯᠠᠭᠤᠷ ᠢ ᠰᠠᠯᠭᠠᠭᠰᠠᠨ ᠤ ᠳᠠᠷᠠᠭ᠎ᠠ ᠨᠦᠢᠲᠡᠨ ᠨᠤᠤᠰᠤᠨ ᠳᠠᠩᠰᠠ ᠪᠤᠶᠤ ᠬᠦᠪᠤᠡᠭ ᠬᠦᠠᠵᠢᠯᠡ ᠪᠠᠷ ᠪᠦᠲᠦᠭᠡᠨ᠎ᠡ᠃ ᠤᠰᠦ ᠪᠠᠷ ᠤᠠᠲᠠᠷᠠᠭᠠᠵᠦ ᠪᠤᠯᠬᠤ ᠦᠭᠡᠢ᠂ ᠳᠡᠭᠡᠬᠦ ᠳᠤ ᠬᠦᠷᠪᠡᠯ ᠠᠮᠠᠷᠬᠠᠨ ᠴᠠᠬᠢᠯᠭᠠᠨ ᠳᠤ ᠴᠤᠬᠢᠭᠤᠯᠵᠦ ᠰᠢᠷᠬᠠᠳᠤᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号