ᠮᠠᠯ ᠤᠨ ᠬᠤᠤᠷᠳᠠᠯᠭ᠎ᠠ ᠡᠪᠡᠳᠴᠢᠨ ᠪᠤᠯ ᠪᠠᠶᠢᠩᠭᠤ ᠪᠠᠶᠢᠳᠠᠭ ᠳᠠᠭᠠᠨ ᠬᠠᠪᠤᠷ ᠤᠨ ᠰᠡᠬᠦᠯᠴᠢ ᠵᠤᠨ ᠤ ᠡᠭᠢ ᠪᠠᠷ | ᠲᠡᠯᠭᠡᠷᠡᠬᠦ ᠨᠢ ᠢᠯᠡᠭᠦᠤ ᠪᠠᠶᠢᠵᠤ᠂ ᠢᠯᠵᠡᠷᠡᠭᠰᠡᠨ ᠡᠪᠡᠰᠦ ᠪᠤᠷᠳᠤᠭ᠎ᠠ ᠪᠤᠶᠤ ᠪᠤᠵᠠᠷ ᠤᠰᠤ ᠢᠳᠡᠵᠤ | ᠤᠤᠭᠤᠭᠰᠠᠨ ᠠᠴᠠ ᠪᠤᠯᠵᠤ᠂ ᠰᠢᠩᠭᠡᠭᠡᠯᠳᠠ ᠶᠢᠨ ᠰᠢᠰᠲ᠋ᠧᠮ ᠨᠢ ᠨᠦᠯᠦᠭᠡᠯᠡᠭᠳᠡᠨ ᠬᠠᠯᠳᠠᠪᠤᠷᠢᠯᠠᠳᠠᠭ᠃ ᠡᠪᠡᠳᠴᠢᠨ ᠤ | ᠤᠨᠴᠠᠯᠢᠭ ᠰᠢᠨᠵᠢ ᠨᠢ ᠮᠠᠯ ᠤᠨ ᠲᠦᠷᠭᠡᠨ ᠦᠬᠦᠯ ᠲᠠᠢ ᠠᠳᠠᠯᠢᠪᠳᠤᠷ ᠪᠠᠶᠢᠳᠠᠭ᠃ | ᠡᠪᠡᠳᠴᠢᠨ ᠤ ᠢᠯᠡᠷᠡᠯ᠄ ᠲᠦᠷᠭᠡᠨ ᠴᠢᠨᠠᠷᠳᠠᠢ ᠨᠢ ᠭᠡᠨᠡᠳᠳᠠ ᠪᠠᠷ ᠢᠳᠡᠬᠦ ᠪᠠᠨ ᠪᠠᠶᠢᠵᠤ᠂ ᠰᠦᠷᠦᠭ ᠠᠴᠠ ᠪᠠᠨ | ᠰᠠᠯᠤᠨ ᠬᠡᠪᠳᠡᠬᠦ᠂ ᠬᠡᠳᠡᠰᠤ ᠨᠢ ᠡᠪᠡᠳᠴᠤ᠂ ᠵᠠᠷᠢᠮ ᠨᠢ ᠬᠦᠷᠡᠩ ᠪᠤᠶᠤ ᠬᠠᠷ᠎ᠠ ᠨᠤᠭᠤᠭᠠᠨ ᠦᠩᠭᠡ ᠶᠢᠨ | ᠰᠢᠩᠭᠡᠨ ᠢᠶᠠᠷ ᠪᠠᠭᠠᠬᠤ᠂ ᠪᠦᠬᠦ ᠪᠡᠶ᠎ᠡ ᠶᠢᠨ ᠪᠤᠯᠴᠢᠩ ᠮᠢᠬ᠎ᠠ ᠨᠢ ᠴᠡᠴᠡᠷᠡᠵᠤ᠂ ᠰᠢᠳᠤ ᠪᠠᠨ ᠬᠠᠪᠢᠷᠤᠨ ᠰᠢᠯᠦᠰᠤ ᠨᠢ | ᠭᠤᠭᠤᠵᠢᠵᠤ᠂ ᠬᠡᠳᠦᠬᠡᠨ ᠮᠢᠨᠦᠲ ᠤᠨ ᠲᠤᠳᠤᠷ᠎ᠠ ᠲᠠᠳᠠᠯᠳᠤᠨ ᠦᠬᠦᠳᠡᠭ᠃ ᠤᠳᠠᠭᠠᠨ ᠰᠢᠭ᠋ ᠨᠢ ᠰᠢᠳᠤ ᠪᠠᠨ | ᠬᠠᠪᠢᠷᠴᠤ ᠰᠢᠷᠤᠢ ᠪᠤᠶᠤ ᠡᠯᠳᠡᠪ ᠡᠰᠡᠨ ᠶᠠᠭᠤᠮ᠎ᠠ ᠢᠳᠡᠬᠦ᠂ ᠶᠠᠪᠤᠬᠤ ᠨᠢ ᠤᠳᠠᠭᠠᠨ ᠪᠤᠯᠵᠤ᠂ ᠬᠠᠵᠠᠭᠤ ᠪᠠᠷ ᠢᠶᠠᠨ | ᠬᠡᠪᠳᠡᠨ ᠠᠮᠠᠨ ᠠᠴᠠ ᠨᠢ ᠴᠠᠭᠠᠨ ᠬᠦᠬᠡᠰᠦ ᠭᠠᠷᠴᠤ᠂ ᠬᠠᠮᠢᠶ᠎ᠠ ᠨᠠᠮᠢᠶ᠎ᠠ ᠦᠭᠡᠢ ᠲᠡᠯᠴᠢᠯᠡᠳᠡᠭ᠃ | ᠵᠠᠰᠠᠬᠤ ᠠᠷᠭ᠎ᠠ᠄ ᠡᠨᠡᠬᠦ ᠡᠪᠡᠳᠴᠢᠨ ᠤ ᠦᠩᠭᠡᠷᠡᠯᠳᠠ ᠨᠢ ᠲᠦᠢᠯ ᠤᠨ ᠲᠦᠷᠭᠡᠨ ᠪᠤᠯᠬᠤᠷ ᠤᠳᠤᠬᠠᠨ ᠳᠤ | ᠲᠤᠱᠠᠳᠠᠢ ᠵᠠᠰᠠᠬᠤ ᠠᠷᠭ᠎ᠠ ᠪᠠᠰᠠ ᠤᠯᠳᠤᠭᠠᠳᠤᠢ ᠪᠠᠶᠢᠭᠰᠠᠭᠠᠷ᠃ ᠡᠷᠭᠡᠪᠰᠢ ᠬᠠᠪᠤᠷ ᠨᠠᠮᠤᠷ ᠤᠨ ᠤᠯᠠᠷᠢᠯ ᠳᠤ᠂ | ᠮᠠᠯ ᠤᠨ ᠭᠤᠷᠪᠠᠴᠢᠯᠠᠭᠰᠠᠨ ᠸᠠᠺᠼᠢᠨ ᠲᠠᠷᠢᠯᠭ᠎ᠠ ᠶᠢ ᠴᠠᠭ ᠲᠤᠬᠠᠢ ᠳᠤᠨᠢ ᠴᠤᠬᠢᠵᠤ᠂ ᠤᠷᠢᠳᠴᠢᠯᠠᠭᠰᠠᠨ ᠰᠡᠷᠭᠡᠶᠢᠯᠡᠬᠦ | ᠠᠵᠢᠯ ᠢ ᠴᠢᠩᠭᠠᠳᠬᠠᠬᠤ ᠶᠢᠨ ᠲᠠᠭᠠᠤ ᠬᠤᠸᠠᠩ ᠠᠨ ᠮᠸᠢ ᠦᠷᠢᠯ ᠢ ᠦᠭᠬᠦ᠂ ᠡᠰᠡᠭᠦᠯ᠎ᠡ ᠪᠤᠯᠴᠢᠩ ᠮᠢᠬᠠᠨ ᠳᠤᠨᠢ | 80 ᠲᠦᠮᠡ ᠪᠠ 160 ᠲᠦᠮᠡ ᠶᠢᠨ ᠨᠢᠭᠡᠴᠢ ᠶᠢᠨ ᠴᠢᠩ ᠮᠸᠢ ᠰᠤ᠋ ᠵᠡᠭᠦᠤ ᠶᠢ ᠡᠳᠦᠷ ᠲᠤ ᠬᠤᠶᠠᠷ ᠤᠳᠠᠭ᠎ᠠ | ᠴᠤᠬᠢᠬᠤ᠂ ᠬᠤᠸᠠᠩ ᠠᠨ ᠮᠡᠢ ᠳ᠋ᠢᠩ ᠦᠷᠢᠯ ᠢ ᠨᠢᠭᠡ ᠤᠳᠠᠭ᠎ᠠ ᠳᠤ 5-6 ᠭᠷᠠᠮ ᠢ 4-5 ᠡᠳᠦᠷ ᠲᠠᠷᠠᠭᠠᠯᠠᠨ ᠦᠭᠬᠦ | ᠵᠡᠷᠭᠡ ᠠᠷᠭ᠎ᠠ ᠶᠢ ᠠᠪᠴᠤ ᠪᠤᠯᠤᠨ᠎ᠠ᠃ |