ᠲᠦᠯ ᠤᠨ ᠴᠠᠭ ᠲᠤ ᠠᠷᠢᠭᠤᠨ ᠴᠡᠪᠡᠷᠴᠢ ᠪᠠᠶᠢᠬᠤ ᠶᠢ ᠪᠠᠷᠢᠮᠲᠠᠯᠠᠪᠠᠯ ᠵᠤᠬᠢᠨ᠎ᠠ
ᠨᠡᠶᠢᠲᠡᠯᠡᠭᠰᠡᠨ ᠴᠠᠭ᠄
2022/4/25
   ᠬᠠᠪᠤᠷ ᠲᠦᠯ ᠲᠤᠰᠬᠤ ᠦᠶ᠎ᠡ ᠪᠠᠷ ᠮᠠᠯᠴᠢᠳ ᠮᠢᠨᠢ ᠬᠠᠮᠤᠭ ᠤᠨ ᠶᠠᠭᠠᠷᠠᠯᠳᠠᠢ ᠦᠶ᠎ᠡ ᠳᠡᠭᠡᠨ ᠤᠷᠤᠵᠤ ᠡᠳᠤᠷ ᠰᠦᠨᠢ ᠶᠢᠨ ᠡᠭᠡᠯᠵᠢᠨ ᠳᠤ ᠭᠡᠷ ᠤᠨ ᠳᠤᠳᠤᠨ᠎ᠠ ᠭᠠᠳᠠᠨ᠎ᠠ ᠶᠢᠨ ᠠᠵᠢᠯ ᠳᠠᠭᠠᠨ ᠶᠠᠭᠠᠷᠠᠵᠤ ᠯᠡ ᠪᠠᠶᠢᠢᠳᠠᠭ᠃ ᠡᠨᠡ ᠦᠶ᠎ᠡ ᠪᠤᠯ ᠮᠠᠯᠴᠢᠳ ᠤᠨ ᠬᠠᠮᠤᠭ ᠶᠠᠭᠠᠷᠠᠤ᠂ ᠬᠠᠮᠤᠭ ᠶᠠᠳᠠᠷᠠᠯᠳᠠᠢ ᠦᠶ᠎ᠡ ᠪᠤᠯᠬᠤ ᠪᠦᠭᠡᠳ ᠮᠦᠨ ᠴᠤ ᠲᠦᠯ ᠮᠠᠯ ᠳᠤ ᠡᠪᠡᠳᠴᠢᠨ ᠭᠡᠮ ᠭᠦᠷᠭᠦ ᠶᠢ ᠰᠡᠷᠭᠡᠶᠢᠢᠯᠡᠭᠦ ᠵᠠᠩᠭᠢᠯᠠᠭ᠎ᠠ ᠶᠢᠨ ᠦᠶ᠎ᠡ ᠪᠤᠯᠤᠨ᠎ᠠ᠃ ᠳᠡᠶᠢᠢᠮᠤ ᠠᠴᠠ ᠡᠨᠡ ᠦᠶ᠎ᠡ ᠠᠷᠢᠭᠤᠨ ᠴᠡᠪᠡᠷᠴᠢ ᠪᠠᠶᠢᠢᠬᠤ ᠶᠢ ᠤᠨᠴᠠ ᠠᠩᠬᠠᠷᠴᠤ᠂ ᠬᠤᠷᠤᠭ᠎ᠠ ᠬᠠᠰᠢᠶ᠎ᠠ ᠪᠠᠨ ᠰᠠᠶᠢᠢᠳᠤᠷ ᠴᠡᠪᠡᠷᠯᠡᠵᠤ ᠠᠷᠢᠭᠤᠳᠬᠠᠬᠤ ᠶᠢᠨ ᠬᠠᠮᠳᠤ ᠤᠬᠵᠢ᠂ ᠮᠠᠯ ᠳᠤ ᠭᠡᠷᠡᠭᠯᠡᠭᠦ ᠵᠡᠭᠦᠦ ᠵᠡᠷᠭᠡ ᠪᠠᠨ ᠰᠠᠶᠢᠢᠳᠤᠷ ᠠᠷᠢᠭᠤᠳᠬᠠᠵᠤ ᠴᠡᠪᠡᠷᠯᠡᠭᠦ ᠭᠡᠷᠡᠭᠳᠠᠢ᠃ ᠬᠤᠷᠤᠭ᠎ᠠ ᠬᠠᠰᠢᠶᠠᠨ ᠤ ᠠᠷᠢᠭᠤᠨ ᠴᠡᠪᠡᠷ ᠪᠠᠶᠢᠢᠬᠤ ᠶᠢ ᠢᠮᠠᠬᠳᠠ ᠠᠩᠬᠠᠷᠴᠤ ᠪᠢᠳᠡᠭᠦᠦ ᠬᠠᠰᠢᠶ᠎ᠠ ᠰᠠᠷᠠᠪᠴᠢᠨ ᠤ ᠡᠭᠦᠳᠡ ᠴᠤᠩᠬᠤ ᠶᠢ ᠪᠠᠶᠢᠢᠩᠭᠤ ᠨᠡᠭᠡᠭᠡᠵᠤ ᠰᠠᠯᠭᠢ᠂ ᠴᠡᠪᠡᠷ ᠠᠭᠠᠷ ᠨᠡᠪᠳᠡᠷᠡᠭᠦᠯᠭᠦ ᠶᠢ ᠪᠠᠳᠤᠯᠠᠬᠤ ᠪᠦᠭᠡᠳ ᠮᠠᠯ ᠳᠡᠵᠢᠭᠡᠭᠦ ᠬᠠᠰᠢᠶ᠎ᠠ ᠬᠤᠷᠤᠭ᠎ᠠ ᠪᠠᠨ ᠱᠦᠭᠦᠷᠳᠡᠨ ᠴᠡᠪᠡᠷᠯᠡᠵᠤ᠂ ᠳᠤᠬᠳᠠᠬᠰᠠᠨ ᠬᠤᠭᠤᠴᠠᠭ᠎ᠠ ᠲᠠᠢ ᠴᠤᠬᠤᠢ ᠠᠰᠬᠠᠬᠤ᠂ ᠡᠮ ᠰᠦᠷᠴᠢᠭᠦ ᠵᠡᠷᠭᠡ ᠪᠠᠷ ᠠᠷᠢᠭᠤᠳᠬᠠᠵᠤ ᠪᠠᠶᠢᠢᠪᠠᠯ ᠵᠤᠭᠢᠨ᠎ᠠ᠃ ᠨᠡᠩ ᠢᠯᠠᠩᠭᠤᠶ᠎ᠠ ᠭᠡᠭᠡᠯ ᠬᠠᠶᠠᠬᠰᠠᠨ ᠮᠠᠯ ᠤᠨ ᠴᠢᠰᠤ ᠭᠦᠷᠦᠭᠰᠡᠨ ᠭᠠᠵᠠᠷ ᠢ ᠰᠠᠶᠢᠢᠳᠤᠷ ᠠᠷᠢᠭᠤᠳᠬᠠᠬᠤ ᠭᠡᠷᠡᠭᠳᠠᠢ᠃ ᠵᠠᠷᠢᠮ ᠠᠶᠢᠢᠯ ᠨᠢ ᠬᠤᠨᠢ ᠮᠠᠯ ᠢᠶᠠᠨ ᠨᠢᠭᠡ ᠳᠡᠵᠢᠭᠡᠭᠰᠡᠨ ᠭᠠᠵᠠᠷ ᠢᠶᠠᠨ ᠳᠤᠵᠢ ᠳᠡᠵᠢᠭᠡᠭᠦ ᠪᠦᠭᠡᠳ ᠦᠯᠡᠳᠡᠭᠰᠡᠨ ᠬᠤᠭ ᠪᠤᠬ ᠢ ᠴᠤ ᠴᠡᠪᠡᠷᠯᠡᠭᠦ ᠦᠭᠡᠢ ᠪᠠᠶᠢᠢᠳᠠᠭ᠃ ᠢᠡᠭᠭᠢᠵᠤ ᠳᠡᠵᠢᠭᠡᠭᠦ ᠨᠢ ᠮᠠᠯ ᠤᠨᠤᠭᠠᠨ ᠤ ᠳᠠᠷᠭᠤ ᠭᠦᠴᠦ ᠠᠪᠬᠤ ᠶᠢ ᠨᠦᠯᠦᠭᠡᠯᠡᠭᠦ ᠪᠠᠷ ᠪᠠᠷᠠᠬᠤ ᠦᠭᠡᠢ ᠬᠠᠪᠤᠷ ᠪᠤᠯᠵᠤ ᠳᠡᠭᠷᠢ ᠳᠤᠯᠠᠭᠠᠷᠠᠪᠠᠯ ᠡᠨᠡ ᠨᠢ ᠡᠪᠡᠳᠴᠢᠨ ᠤ ᠪᠠᠺᠲ᠋ᠧᠷᠢ ᠡᠭᠦᠰᠭᠦ ᠤᠷᠴᠢᠨ ᠪᠤᠯᠳᠠᠭ᠃ ᠳᠡᠶᠢᠢᠮᠤ ᠠᠴᠠ ᠮᠠᠯ ᠳᠡᠵᠢᠭᠡᠭᠦ ᠤᠷᠴᠢᠨ ᠢ ᠳᠤᠬᠳᠠᠮᠠᠯ ᠬᠤᠭᠤᠴᠠᠭ᠎ᠠ ᠲᠠᠢ ᠴᠡᠪᠡᠷᠯᠡᠵᠤ ᠪᠠᠶᠢᠢᠬᠤ ᠨᠢ ᠡᠪᠡᠳᠴᠢᠨ ᠭᠡᠮ ᠡᠭᠦᠰᠭᠦ ᠶᠢ ᠰᠡᠷᠭᠡᠶᠢᠢᠯᠡᠭᠦ ᠳᠤ ᠠᠰᠢᠬᠳᠠᠢ ᠪᠠᠶᠢᠢᠳᠠᠭ᠃ ᠲᠦᠯ ᠮᠠᠯ ᠤᠨ ᠴᠠᠭ ᠲᠤ ᠪᠠᠰᠠ ᠤᠭᠵᠢᠭᠤᠷ ᠬᠤᠷᠠᠭ᠎ᠠ ᠭᠠᠷᠳᠠᠭ ᠪᠤᠯᠬᠤᠷ ᠮᠠᠯᠴᠢᠳ ᠳᠤᠰᠬᠠᠶᠢᠢᠯᠠᠨ ᠤᠬᠵᠢ ᠪᠡᠯᠡᠳᠭᠡᠳᠡᠭ᠃ ᠭᠡᠭᠦ ᠳᠤ ᠤᠯᠠᠩᠭᠢ ᠮᠠᠯᠴᠢᠳ ᠨᠢ ᠤᠬᠵᠢᠨ ᠤ ᠠᠷᠢᠭᠤᠨ ᠴᠡᠪᠡᠷ ᠪᠠᠶᠢᠢᠬᠤ ᠶᠢ ᠤᠮᠳᠤᠭᠠᠶᠢᠢᠯᠠᠵᠤ᠂ ᠵᠠᠷᠢᠮ ᠳᠠᠭᠠᠨ ᠨᠢᠭᠡ ᠡᠳᠤᠷ ᠲᠤ ᠨᠢᠭᠡ᠂ ᠵᠠᠷᠢᠮ ᠳᠠᠭᠠᠨ ᠭᠡᠳᠤᠨ ᠡᠳᠤᠷ ᠲᠤ ᠨᠢᠭᠡ ᠤᠳᠠᠭ᠎ᠠ ᠤᠬᠵᠢ ᠪᠠᠨ ᠤᠭᠢᠶᠠᠵᠤ ᠴᠡᠪᠡᠷᠯᠡᠳᠡᠭ᠃ ᠡᠨᠡ ᠨᠢ ᠦᠨᠡᠨᠳᠡᠭᠡᠨ ᠪᠤᠷᠤᠭᠤ ᠬᠢᠳᠡᠯ ᠪᠦᠭᠡᠳ ᠲᠦᠯ ᠮᠠᠯ ᠳᠤ ᠡᠪᠡᠳᠴᠢᠨ ᠭᠡᠮ ᠬᠠᠯᠳᠠᠪᠤᠷᠢᠯᠠᠬᠤ ᠠᠶᠤᠯ ᠲᠠᠢ ᠶᠤᠮ ᠃ ᠤᠯᠠᠨ ᠤ ᠮᠡᠳᠡᠭᠡᠵᠢ ᠪᠠᠷ ᠰᠢᠩᠭᠡᠭᠡᠯᠳᠡ ᠶᠢᠨ ᠰᠢᠰᠲ᠋ᠧᠮ ᠪᠤᠯᠤᠨ ᠠᠮᠢᠰᠬᠤᠯ ᠤᠨ ᠰᠢᠰᠲ᠋ᠧᠮ ᠪᠤᠯ ᠡᠪᠡᠳᠴᠢᠨ ᠭᠡᠮ ᠬᠠᠯᠳᠠᠪᠤᠷᠢᠯᠠᠬᠤ ᠭᠤᠤᠯ ᠵᠠᠮ ᠪᠤᠯᠳᠠᠭ᠃ ᠳᠡᠶᠢᠢᠮᠤ ᠠᠴᠠ ᠬᠤᠷᠠᠭ᠎ᠠ ᠤᠬᠵᠢᠬᠤ ᠤᠬᠵᠢ ᠪᠠᠨ ᠰᠠᠶᠢᠢᠳᠤᠷ ᠴᠡᠪᠡᠷᠯᠡᠭᠦ ᠦᠭᠡᠢ ᠪᠤᠯᠪᠠᠯ ᠭᠢᠯᠪᠠᠷᠬᠠᠨ ᠡᠪᠡᠳᠴᠢᠨ ᠤ ᠪᠠᠺᠲ᠋ᠧᠷᠢ ᠡᠭᠦᠰᠴᠤ᠂ ᠰᠢᠩᠭᠡᠭᠡᠯᠳᠡ ᠶᠢᠨ ᠰᠢᠰᠲ᠋ᠧᠮ ᠢᠶᠠᠷ ᠳᠠᠮᠵᠢᠨ ᠲᠦᠯ ᠮᠠᠯ ᠳᠤ ᠬᠠᠯᠳᠠᠪᠤᠷᠢᠯᠠᠬᠤ ᠠᠶᠤᠯ ᠲᠠᠢ ᠪᠤᠯᠬᠤᠷ ᠤᠬᠵᠢ ᠪᠠᠨ ᠭᠡᠷᠡᠭᠯᠡᠵᠤ ᠪᠠᠷᠠᠪᠠᠯ ᠳᠠᠷᠦ᠋ᠢᠢᠬᠠᠨ ᠤᠭᠢᠶᠠᠵᠤ ᠴᠡᠪᠡᠷᠯᠡᠨ ᠂ ᠪᠤᠴᠠᠯᠤᠬᠰᠠᠨ ᠤᠰᠤ ᠪᠠᠷ ᠦᠷᠬᠦᠯᠵᠢ ᠠᠷᠢᠭᠤᠳᠬᠠᠵᠤ ᠪᠠᠶᠢᠢᠪᠠᠯ ᠰᠠᠶᠢᠢᠨ ᠶᠤᠮ᠃ ᠡᠭᠦᠨ ᠠᠴᠠ ᠭᠠᠳᠠᠨ᠎ᠠ᠂ ᠮᠠᠯ ᠤᠨᠤᠭᠠᠨ ᠳᠤ ᠭᠡᠷᠡᠭᠯᠡᠭᠦ ᠵᠡᠭᠦᠦ ᠵᠡᠷᠭᠡ ᠪᠠᠭᠠᠵᠢ ᠭᠡᠷᠡᠭᠰᠡᠯ ᠢ ᠴᠤ ᠠᠷᠢᠭᠤᠳᠬᠠᠬᠤ ᠪᠤᠶᠤ ᠪᠠᠶᠢᠢᠩᠭᠤ ᠰᠤᠯᠢᠵᠤ ᠪᠠᠶᠢᠢᠪᠠᠯ ᠰᠠᠶᠢᠢᠨ᠃ ᠡᠪᠡᠳᠴᠢᠨ ᠤ ᠪᠠᠺᠲ᠋ᠧᠷᠢ ᠨᠢ ᠪᠤᠵᠠᠷ ᠪᠤᠷᠳᠠᠭ ᠠᠴᠠ ᠢᠯᠡᠭᠦᠦ ᠡᠭᠦᠰᠳᠡᠭ ᠪᠤᠯᠬᠤᠷ ᠮᠠᠯᠴᠢᠳ ᠮᠢᠨᠢ ᠠᠷᠢᠭᠤᠨ ᠴᠡᠪᠡᠷᠴᠢ ᠪᠠᠶᠢᠢᠬᠤ ᠶᠢ ᠪᠠᠷᠢᠮᠳᠠᠯᠠᠨ᠂ ᠴᠡᠪᠡᠷᠯᠡᠵᠤ ᠠᠷᠢᠭᠤᠳᠬᠠᠬᠤ ᠠᠵᠢᠯ ᠢ ᠢᠯᠡᠭᠦᠭᠡᠨ ᠭᠢᠪᠡᠯ ᠲᠦᠯ ᠮᠠᠯ ᠤᠨ ᠮᠡᠨᠳᠤ ᠪᠤᠶᠢᠢᠵᠢᠬᠤ᠂ ᠮᠠᠯ ᠰᠦᠷᠦᠭ ᠤᠨ ᠡᠪᠡᠳᠴᠢᠨ ᠭᠡᠮ ᠳᠤ ᠨᠡᠷᠪᠡᠭᠳᠡᠭᠦ ᠠᠴᠠ ᠰᠡᠷᠭᠡᠶᠢᠢᠯᠡᠭᠦ ᠳᠤ ᠪᠦᠷ ᠠᠰᠢᠬᠳᠠᠢ᠃
 
ᠢᠷᠡᠯᠲᠡ᠄ ᠦᠪᠥᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号