1. ᠬᠦᠮᠦᠨ ᠤ ᠬᠦᠴᠦ ᠪᠠᠷ ᠠᠷᠢᠯᠭᠠᠬᠤ᠃ ᠡᠭᠦᠨ ᠳᠤ ᠭᠠᠷ ᠢᠶᠠᠷ ᠢᠶᠠᠨ ᠦᠭᠳᠡᠭᠡᠬᠦ ᠪᠠ ᠳᠦᠭᠦᠮ | ᠲᠠᠷᠢᠶᠠᠯᠠᠩ ᠤᠨ ᠪᠠᠭᠠᠵᠢ ᠪᠠᠷ ᠡᠪᠡᠰᠦ ᠠᠷᠢᠯᠭᠠᠬᠤ ᠪᠠᠭᠲᠠᠨ᠎ᠠ᠃ | 2. ᠮᠠᠰᠢᠨ ᠢᠶᠠᠷ ᠡᠪᠡᠰᠦ ᠠᠷᠢᠯᠭᠠᠬᠤ᠃ ᠮᠠᠯ ᠤᠨᠤᠭ᠎ᠠ ᠶᠢᠨ ᠬᠦᠴᠦ ᠪᠤᠶᠤ ᠮᠧᠬᠠᠨᠢᠭ ᠬᠦᠳᠡᠯᠭᠡᠭᠴᠢ | ᠬᠦᠴᠦ ᠪᠠᠷ ᠡᠪᠡᠰᠦ ᠠᠷᠢᠯᠭᠠᠬᠤ ᠮᠠᠰᠢᠨ ᠢ ᠲᠠᠲᠠᠭᠤᠯᠤᠨ ᠡᠪᠡᠰᠦ ᠠᠷᠢᠯᠭᠠᠬᠤ᠃ | 3. ᠹᠢᠽᠢᠺ ᠤᠨ ᠠᠷᠭ᠎ᠠ ᠪᠠᠷ ᠡᠪᠡᠰᠦ ᠠᠷᠢᠯᠭᠠᠬᠤ᠃ ᠤᠰᠤ᠂ ᠭᠡᠷᠡᠯ᠂ ᠢᠯᠴᠢ ᠵᠡᠷᠭᠡ ᠹᠢᠽᠢᠺ ᠤᠨ ᠡᠯᠧᠮᠧᠨ᠋ᠲ ᠢ | ᠠᠰᠢᠭᠯᠠᠨ ᠡᠪᠡᠰᠦ ᠠᠷᠢᠯᠭᠠᠨ᠎ᠠ᠃ ᠵᠢᠱᠢᠶᠡᠯᠡᠪᠡᠯ ᠰᠢᠲᠠᠭᠠᠬᠤ ᠠᠷᠭ᠎ᠠ ᠪᠠᠷ ᠬᠠᠭᠠᠯᠪᠤᠷᠢᠯᠠᠭᠰᠠᠨ ᠭᠠᠵᠠᠷ ᠲᠠᠬᠢ | ᠡᠪᠡᠰᠦ ᠶᠢ ᠠᠷᠢᠯᠭᠠᠨ᠎ᠠ᠃ | 4. ᠬᠢᠮᠢ ᠶᠢᠨ ᠠᠷᠭ᠎ᠠ ᠪᠠᠷ ᠡᠪᠡᠰᠦ ᠠᠷᠢᠯᠭᠠᠬᠤ᠃ ᠳᠠᠷᠤᠢ ᠬᠢᠮᠢ ᠶᠢᠨ ᠡᠪᠡᠰᠦ ᠠᠷᠢᠯᠭᠠᠭᠴᠢ ᠡᠳ᠋ ᠢ ᠬᠡᠷᠡᠭᠯᠡᠨ | ᠡᠯᠳᠡᠪ ᠡᠪᠡᠰᠦ ᠶᠢ ᠠᠷᠢᠯᠭᠠᠬᠤ ᠮᠦᠷᠲᠡᠭᠡᠨ ᠲᠠᠷᠢᠮᠠᠯ ᠢ ᠭᠡᠮᠲᠦᠭᠡᠬᠦ ᠦᠭᠡᠢ᠃ ᠦᠷ᠎ᠡ ᠠᠴᠠ ᠨᠠᠬᠢᠶᠠᠯᠠᠨ ᠭᠠᠷᠤᠭᠰᠠᠨ | ᠨᠢᠭᠡ ᠨᠠᠰᠤᠲᠤ ᠡᠯᠳᠡᠪ ᠡᠪᠡᠰᠦ ᠶᠢ ᠠᠷᠢᠯᠭᠠᠬᠤ ᠳᠠᠭᠠᠨ ᠶᠡᠷᠦ ᠳᠡᠭᠡᠨ ᠦᠢᠯᠡᠳᠦᠯᠲᠦ ᠴᠢᠨᠠᠷ ᠢᠶᠠᠷ ᠤᠳᠠᠭᠠᠨ | ᠳᠠᠭᠠᠭᠠᠮᠠᠭᠠᠢ ᠬᠦᠷᠦᠰᠦ ᠲᠤᠭᠤᠯᠤᠭᠤᠯᠬᠤ ᠡᠳ᠋ ᠢ ᠬᠡᠷᠡᠭᠯᠡᠵᠦ᠂ ᠦᠨᠳᠦᠰᠦᠯᠢᠭ ᠡᠰᠢ ᠠᠴᠠ ᠨᠠᠬᠢᠶᠠᠯᠠᠭᠰᠠᠨ ᠤᠯᠠᠨ | ᠨᠠᠰᠤᠲᠤ ᠡᠯᠳᠡᠪ ᠡᠪᠡᠰᠦ ᠶᠢ ᠠᠷᠢᠯᠭᠠᠬᠤ ᠳᠠᠭᠠᠨ ᠳᠠᠮᠵᠢᠭᠤᠯᠬᠤ ᠦᠢᠯᠡᠳᠦᠯ ᠢᠶᠠᠷ ᠴᠢᠩᠭ᠎ᠠ᠂ ᠰᠤᠩᠭᠤᠯᠲᠠ ᠲᠠᠢ | ᠡᠪᠡᠰᠦ ᠠᠷᠢᠯᠭᠠᠭᠴᠢ ᠡᠳ᠋ ᠢ ᠬᠡᠷᠡᠭᠯᠡᠨ᠎ᠡ᠃ | 5. ᠠᠮᠢᠳᠤ ᠪᠤᠳᠠᠰ ᠢᠶᠠᠷ ᠡᠪᠡᠰᠦ ᠠᠷᠢᠯᠭᠠᠬᠤ᠃ ᠬᠤᠷᠤᠬᠠᠢ ᠰᠢᠪᠠᠵᠢ᠂ ᠮᠠᠯ ᠵᠢᠭᠦᠷᠲᠡᠨ᠂ ᠡᠪᠡᠳᠴᠢᠨ | ᠡᠭᠦᠰᠭᠡᠭᠴᠢ ᠮᠢᠺᠷᠣᠪ ᠪᠤᠯᠤᠨ ᠦᠷᠢᠰᠦᠯᠳᠦᠬᠦ ᠬᠦᠴᠦ ᠪᠠᠷ ᠴᠢᠩᠭ᠎ᠠ ᠤᠷᠭᠤᠮᠠᠯ ᠵᠢᠴᠢ ᠲᠡᠭᠦᠨ ᠤ ᠰᠤᠯᠢᠯᠴᠠᠭᠠᠨ ᠤ | ᠪᠦᠲᠦᠭᠡᠭᠳᠡᠬᠦᠨ ᠢ ᠠᠰᠢᠭᠯᠠᠨ ᠡᠯᠳᠡᠪ ᠡᠪᠡᠰᠦ ᠶᠢ ᠰᠡᠷᠭᠡᠶᠢᠯᠡᠬᠦ ᠪᠤᠶᠤ ᠠᠷᠢᠯᠭᠠᠨ᠎ᠠ᠃ ᠵᠢᠱᠢᠶᠡᠯᠡᠪᠡᠯ ᠲᠤᠲᠤᠷᠭᠠᠨ | ᠲᠠᠷᠢᠶᠠᠨ ᠳᠤᠮᠳᠠ ᠵᠢᠭᠠᠰᠤ ᠲᠡᠵᠢᠭᠡᠬᠦ᠂ ᠨᠤᠭᠤᠰᠤ ᠪᠠᠷ ᠡᠯᠳᠡᠪ ᠡᠪᠡᠰᠦ ᠶᠢ ᠰᠡᠷᠭᠡᠶᠢᠯᠡᠨ ᠠᠷᠢᠯᠭᠠᠬᠤ ᠵᠡᠷᠭᠡ᠃ | 6. ᠠᠮᠢ ᠠᠬᠤᠢ ᠶᠢᠨ ᠡᠪᠡᠰᠦ ᠠᠷᠢᠯᠭᠠᠬᠤ᠃ ᠲᠠᠷᠢᠶᠠᠯᠠᠩ ᠤᠨ ᠪᠤᠶᠤ ᠪᠤᠰᠤᠳ ᠠᠷᠭ᠎ᠠ ᠶᠢ ᠬᠡᠷᠡᠭᠯᠡᠨ᠂ | ᠨᠡᠯᠢᠶᠡᠳ ᠶᠡᠭᠡ ᠬᠡᠪᠴᠢᠶᠡᠨ ᠤ ᠳᠤᠲᠤᠷ᠎ᠠ ᠲᠠᠷᠢᠮᠠᠯ ᠤᠨ ᠤᠷᠭᠤᠯᠲᠠ ᠳᠤ ᠠᠰᠢᠭᠲᠠᠢ ᠪᠤᠯᠪᠠᠴᠤ ᠡᠯᠳᠡᠪ ᠡᠪᠡᠰᠦᠨ ᠤ | ᠤᠷᠭᠤᠯᠲᠠ ᠳᠤ ᠠᠰᠢᠭ ᠦᠭᠡᠢ ᠠᠮᠢ ᠠᠬᠤᠢ ᠶᠢᠨ ᠤᠷᠴᠢᠨ ᠲᠤᠭᠤᠷᠢᠨ ᠢ ᠪᠤᠢ ᠪᠤᠯᠭᠠᠨ᠎ᠠ᠃ ᠵᠢᠱᠢᠶᠡᠯᠡᠪᠡᠯ ᠤᠰᠤ | ᠬᠠᠭᠤᠷᠠᠢ ᠶᠢᠨ ᠲᠠᠷᠢᠶ᠎ᠠ ᠶᠢ ᠡᠭᠡᠯᠵᠢᠯᠡᠨ ᠲᠠᠷᠢᠬᠤ ᠳᠦᠷᠢᠮ ᠢ ᠬᠡᠷᠡᠭᠵᠢᠭᠦᠯᠬᠦ ᠨᠢ ᠮᠠᠰᠢ ᠤᠯᠠᠨ ᠤᠰᠤᠳᠤᠯ ᠳᠤ | ᠲᠡᠰᠪᠦᠷᠢ ᠦᠭᠡᠢ ᠪᠤᠶᠤ ᠭᠠᠩ ᠳᠤ ᠲᠡᠰᠪᠦᠷᠢ ᠦᠭᠡᠢ ᠡᠯᠳᠡᠪ ᠡᠪᠡᠰᠦ ᠶᠢ ᠨᠡᠯᠢᠶᠡᠳ ᠰᠠᠶᠢᠨ ᠢᠶᠠᠷ ᠬᠢᠵᠠᠭᠠᠷᠯᠠᠵᠤ | ᠴᠢᠳᠠᠳᠠᠭ᠃ | ︵ᠢᠷᠡᠯᠲᠡ᠄ ᠰᠢ ᠢᠩ ᠤᠨ ᠨᠠᠶᠢᠷᠠᠭᠤᠯᠤᠭᠰᠠᠨ ︽ᠤᠷᠭᠤᠮᠠᠯ ᠤᠨ ᠡᠪᠡᠳᠴᠢᠨ ᠬᠤᠷᠤᠬᠠᠢ ᠡᠪᠡᠰᠦᠨ ᠤ ᠬᠦᠨᠦᠭᠡᠯ ᠢ | ᠬᠢᠵᠠᠭᠠᠷᠯᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | | | |