ᠮᠠᠯ ᠤᠨ ᠭᠡᠳᠡᠰᠤᠨ ᠤ ᠴᠢᠰᠤᠨ ᠬᠤᠤᠷᠳᠠᠯᠭ᠎ᠠ
ᠨᠡᠶᠢᠲᠡᠯᠡᠭᠰᠡᠨ ᠴᠠᠭ᠄
2022/12/19
   ᠮᠠᠯ ᠤᠨ ᠬᠤᠤᠷᠳᠠᠯᠭ᠎ᠠ ᠡᠪᠡᠳᠴᠢᠨ ᠪᠤᠯ ᠪᠠᠶᠢᠩᠭᠤ ᠪᠠᠶᠢᠳᠠᠭ ᠳᠠᠭᠠᠨ ᠬᠠᠪᠤᠷ ᠤᠨ ᠰᠡᠬᠦᠯᠴᠢ ᠵᠤᠨ ᠤ ᠡᠭᠢ ᠪᠠᠷ ᠲᠡᠯᠭᠡᠷᠡᠬᠦ ᠨᠢ ᠢᠯᠡᠭᠦᠤ ᠪᠠᠶᠢᠵᠤ᠂ ᠢᠯᠵᠡᠷᠡᠭᠰᠡᠨ ᠡᠪᠡᠰᠦ ᠪᠤᠷᠳᠤᠭ᠎ᠠ ᠪᠤᠶᠤ ᠪᠤᠵᠠᠷ ᠤᠰᠤ ᠢᠳᠡᠵᠤ ᠤᠤᠭᠤᠭᠰᠠᠨ ᠠᠴᠠ ᠪᠤᠯᠵᠤ᠂ ᠰᠢᠩᠭᠡᠭᠡᠯᠳᠠ ᠶᠢᠨ ᠰᠢᠰᠲ᠋ᠧᠮ ᠨᠢ ᠨᠦᠯᠦᠭᠡᠯᠡᠭᠳᠡᠨ ᠬᠠᠯᠳᠠᠪᠤᠷᠢᠯᠠᠳᠠᠭ᠃ ᠡᠪᠡᠳᠴᠢᠨ ᠤ ᠤᠨᠴᠠᠯᠢᠭ ᠰᠢᠨᠵᠢ ᠨᠢ ᠮᠠᠯ ᠤᠨ ᠲᠦᠷᠭᠡᠨ ᠦᠬᠦᠯ ᠲᠠᠢ ᠠᠳᠠᠯᠢᠪᠳᠤᠷ ᠪᠠᠶᠢᠳᠠᠭ᠃ ᠡᠪᠡᠳᠴᠢᠨ ᠤ ᠢᠯᠡᠷᠡᠯ᠄ ᠲᠦᠷᠭᠡᠨ ᠴᠢᠨᠠᠷᠳᠠᠢ ᠨᠢ ᠭᠡᠨᠡᠳᠳᠠ ᠪᠠᠷ ᠢᠳᠡᠬᠦ ᠪᠠᠨ ᠪᠠᠶᠢᠵᠤ᠂ ᠰᠦᠷᠦᠭ ᠠᠴᠠ ᠪᠠᠨ ᠰᠠᠯᠤᠨ ᠬᠡᠪᠳᠡᠬᠦ᠂ ᠬᠡᠳᠡᠰᠤ ᠨᠢ ᠡᠪᠡᠳᠴᠤ ᠂ ᠵᠠᠷᠢᠮ ᠨᠢ ᠬᠦᠷᠡᠩ ᠪᠤᠶᠤ ᠬᠠᠷ᠎ᠠ ᠨᠤᠭᠤᠭᠠᠨ ᠦᠩᠭᠡ ᠶᠢᠨ ᠰᠢᠩᠭᠡᠨ ᠢᠶᠠᠷ ᠪᠠᠭᠠᠬᠤ᠂ ᠪᠦᠬᠦ ᠪᠡᠶ᠎ᠡ ᠶᠢᠨ ᠪᠤᠯᠴᠢᠩ ᠮᠢᠬ᠎ᠠ ᠨᠢ ᠴᠡᠴᠡᠷᠡᠵᠤ᠂ ᠰᠢᠳᠤ ᠪᠠᠨ ᠬᠠᠪᠢᠷᠤᠨ ᠰᠢᠯᠦᠰᠤ ᠨᠢ ᠭᠤᠭᠤᠵᠢᠵᠤ᠂ ᠬᠡᠳᠦᠬᠡᠨ ᠮᠢᠨᠦᠲ ᠤᠨ ᠲᠤᠳᠤᠷ᠎ᠠ ᠲᠠᠳᠠᠯᠳᠤᠨ ᠦᠬᠦᠳᠡᠭ᠃ ᠤᠳᠠᠭᠠᠨ ᠰᠢᠭ᠋ ᠨᠢ ᠰᠢᠳᠤ ᠪᠠᠨ ᠬᠠᠪᠢᠷᠴᠤ ᠰᠢᠷᠤᠢ ᠪᠤᠶᠤ ᠡᠯᠳᠡᠪ ᠡᠰᠡᠨ ᠶᠠᠭᠤᠮ᠎ᠠ ᠢᠳᠡᠬᠦ᠂ ᠶᠠᠪᠤᠬᠤ ᠨᠢ ᠤᠳᠠᠭᠠᠨ ᠪᠤᠯᠵᠤ᠂ ᠬᠠᠵᠠᠭᠤ ᠪᠠᠷ ᠢᠶᠠᠨ ᠬᠡᠪᠳᠡᠨ ᠠᠮᠠᠨ ᠠᠴᠠ ᠨᠢ ᠴᠠᠭᠠᠨ ᠬᠦᠬᠡᠰᠦ ᠭᠠᠷᠴᠤ᠂ ᠬᠠᠮᠢᠶ᠎ᠠ ᠨᠠᠮᠢᠶ᠎ᠠ ᠦᠭᠡᠢ ᠲᠡᠯᠴᠢᠯᠡᠳᠡᠭ᠃   ᠵᠠᠰᠠᠬᠤ ᠠᠷᠭ᠎ᠠ᠄ ᠡᠨᠡᠬᠦ ᠡᠪᠡᠳᠴᠢᠨ ᠤ ᠦᠩᠭᠡᠷᠡᠯᠳᠠ ᠨᠢ ᠲᠦᠢᠯ ᠤᠨ ᠲᠦᠷᠭᠡᠨ ᠪᠤᠯᠬᠤᠷ ᠤᠳᠤᠬᠠᠨ ᠳᠤ ᠲᠤᠱᠠᠳᠠᠢ ᠵᠠᠰᠠᠬᠤ ᠠᠷᠭ᠎ᠠ ᠪᠠᠰᠠ ᠤᠯᠳᠤᠭᠠᠳᠤᠢ ᠪᠠᠶᠢᠭᠰᠠᠭᠠᠷ᠃ ᠡᠷᠭᠡᠪᠰᠢ ᠬᠠᠪᠤᠷ ᠨᠠᠮᠤᠷ ᠤᠨ ᠤᠯᠠᠷᠢᠯ ᠳᠤ᠂ ᠮᠠᠯ ᠤᠨ ᠭᠤᠷᠪᠠᠴᠢᠯᠠᠭᠰᠠᠨ ᠸᠠᠺᠼᠢᠨ ᠲᠠᠷᠢᠯᠭ᠎ᠠ ᠶᠢ ᠴᠠᠭ ᠲᠤᠬᠠᠢ ᠳᠤᠨᠢ ᠴᠤᠬᠢᠵᠤ᠂ ᠤᠷᠢᠳᠴᠢᠯᠠᠭᠰᠠᠨ ᠰᠡᠷᠭᠡᠶᠢᠯᠡᠬᠦ ᠠᠵᠢᠯ ᠢ ᠴᠢᠩᠭᠠᠳᠬᠠᠬᠤ ᠶᠢᠨ ᠲᠠᠭᠠᠤ ᠬᠤᠸᠠᠩ ᠠᠨ ᠮᠸᠢ ᠦᠷᠢᠯ ᠢ ᠦᠭᠬᠦ᠂ ᠡᠰᠡᠭᠦᠯ᠎ᠡ ᠪᠤᠯᠴᠢᠩ ᠮᠢᠬᠠᠨ ᠳᠤᠨᠢ 80 ᠲᠦᠮᠡ ᠪᠠ 160 ᠲᠦᠮᠡ ᠶᠢᠨ ᠨᠢᠭᠡᠴᠢ ᠶᠢᠨ ᠴᠢᠩ ᠮᠸᠢ ᠰᠤ᠋ ᠵᠡᠭᠦᠤ ᠶᠢ ᠡᠳᠦᠷ ᠲᠤ ᠬᠤᠶᠠᠷ ᠤᠳᠠᠭ᠎ᠠ ᠴᠤᠬᠢᠬᠤ᠂ ᠬᠤᠸᠠᠩ ᠠᠨ ᠮᠡᠢ ᠳ᠋ᠢᠩ ᠦᠷᠢᠯ ᠢ ᠨᠢᠭᠡ ᠤᠳᠠᠭ᠎ᠠ ᠳᠤ 5-6 ᠭᠷᠠᠮ ᠢ 4-5 ᠡᠳᠦᠷ ᠲᠠᠷᠠᠭᠠᠯᠠᠨ ᠦᠭᠬᠦ ᠵᠡᠷᠭᠡ ᠠᠷᠭ᠎ᠠ ᠶᠢ ᠠᠪᠴᠤ ᠪᠤᠯᠤᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号