ᠬᠤᠷᠢᠮ ᠤᠨ ᠶᠤᠰᠤᠯᠠᠯ — ᠬᠤᠷᠢᠮ ᠨᠠᠶᠢᠷ ᠲᠤ ᠤᠷᠤᠯᠴᠠᠬᠤ ᠬᠦᠮᠦᠰ ᠴᠤ ᠬᠤᠷᠢᠮ ᠤᠨ ᠶᠤᠰᠤᠯᠠᠯ ᠢ | ᠶᠡᠬᠡᠪᠡᠷ ᠬᠦᠨᠳᠦᠳᠭᠡᠨ ᠦᠵᠡᠵᠦ᠂ ᠬᠤᠶᠠᠷ ᠲᠠᠯ᠎ᠠ ᠶᠢᠨ ᠬᠢᠨ ᠪᠦᠷ ᠦᠨᠳᠦᠰᠦᠳᠡᠨ ᠤ ᠬᠤᠪᠴᠠᠰᠤ ᠵᠠᠰᠠᠯ ᠢᠶᠠᠷ | ᠢᠶᠠᠨ ᠭᠤᠶᠤᠵᠤ ᠂ ᠭᠡᠭᠡᠮᠰᠦᠭ ᠰᠠᠶᠢᠬᠠᠨ ᠲᠡᠪᠡᠯ ᠲᠡᠷᠯᠢᠭ᠂ ᠮᠠᠯᠠᠭᠠᠢ᠂ ᠪᠦᠰᠡ᠂ ᠭᠤᠳᠤᠯ ᠢᠶᠠᠨ ᠡᠮᠦᠰᠴᠦ | ᠬᠦᠷᠦᠯᠴᠡᠨ ᠢᠷᠡᠨ᠎ᠡ᠃ | ᠬᠤᠳᠠ ᠬᠤᠳᠠᠭᠠᠢ ᠨᠠᠷ ᠬᠡᠦᠬᠡᠨ ᠲᠠᠯ᠎ᠠ ᠶᠢᠨ ᠡᠬᠦᠳᠡᠨ ᠳᠤ ᠪᠠᠭᠤᠬᠤ ᠳᠤ ᠬᠦᠨᠳᠦ ᠶᠤᠰᠤᠷᠬᠠᠭ ᠢᠶᠠᠷ | ᠤᠭᠳᠤᠨ ᠠᠪᠴᠤ᠂ ᠭᠡᠷ ᠲᠡᠭᠡᠨ ᠵᠠᠯᠠᠵᠤ ᠤᠷᠤᠭᠤᠯᠤᠨ᠎ᠠ᠃ ᠲᠤᠰᠴᠤ ᠤᠭᠳᠤᠬᠤ ᠳᠠᠭᠠᠨ ᠪᠠᠰᠠ ᠬᠦᠩᠬᠡᠮᠰᠦᠭ | ᠨᠠᠶᠢᠷᠰᠠᠭ ᠦᠬᠡ ᠪᠠᠷ᠄ | ︽ᠠᠯᠳᠠᠨ ᠤᠷᠤᠭ ᠠᠴᠠ ᠢᠷᠡᠭᠰᠡᠨ ᠬᠦᠨᠳᠦᠳᠦ ᠬᠤᠳᠠ ᠬᠤᠳᠠᠭᠠᠢ ᠨᠠᠷ | ᠠᠯᠤᠰ ᠬᠤᠯᠠ ᠶᠢᠨ ᠠᠶᠠᠨ ᠵᠠᠮ ᠳᠠᠭᠠᠨ | ᠠᠯᠵᠢᠶᠠᠯ ᠦᠬᠡᠢ ᠠᠮᠤᠷᠬᠠᠨ ᠰᠠᠶᠢᠨ ᠮᠤᠷᠢᠯᠠᠪᠠ ᠤᠤ | ᠤᠷᠤᠭ ᠤᠷᠤᠭ ᠲᠠᠭᠠᠨ ᠬᠦᠨᠳᠦ | ᠤᠷᠭᠤᠭᠰᠠᠨ ᠮᠤᠳᠤ ᠭᠠᠵᠠᠷ ᠲᠠᠭᠠᠨ ᠬᠦᠨᠳᠦ | ᠡᠯᠢᠬᠡᠨ ᠤᠷᠤᠭ ᠰᠠᠳᠤᠨ ᠤ | ᠡᠷᠬᠢᠮ ᠬᠤᠳᠠ ᠬᠤᠳᠠᠭᠠᠢ ᠨᠠᠷ | ᠡᠷᠡᠭᠡᠯᠡᠯ ᠦᠬᠡᠢ ᠪᠠᠷ | ᠡᠩ ᠲᠡᠷᠢᠬᠦᠨ ᠳᠤ ᠮᠤᠷᠢᠯᠠᠨ ᠪᠠᠭᠤᠭᠠᠷᠠᠢ︾ ᠬᠡᠵᠦ ᠬᠦᠨᠳᠦᠳᠭᠡᠨ ᠵᠠᠯᠠᠵᠤ ᠭᠡᠷ ᠲᠤ ᠤᠷᠤᠭᠤᠯᠤᠨ᠎ᠠ᠃ | ᠬᠦᠷᠭᠡᠨ ᠨᠢ ᠬᠠᠳᠠᠮ ᠤᠨ ᠳᠠᠭᠠᠨ ᠬᠦᠷᠦᠭᠰᠡᠨ ᠤ ᠲᠠᠷᠠᠭ᠎ᠠ ᠤᠷᠢᠳᠠᠪᠠᠷ ᠪᠤᠷᠬᠠᠨ ᠳᠤᠨᠢ ᠮᠦᠷᠬᠦᠵᠦ᠂ | ᠲᠠᠬᠢᠨ ᠬᠡᠷ ᠤᠨ ᠠᠬᠠᠮᠠᠳ ᠨᠠᠰᠤᠳᠠᠨ ᠲᠤᠮᠤᠭᠠᠳᠠᠨ ᠳᠤᠨᠢ ᠦᠶ᠎ᠡ ᠲᠠᠷᠠᠭᠠᠯᠠᠨ ᠠᠷᠢᠬᠢ ᠪᠠᠷᠢᠵᠤ ᠮᠦᠷᠬᠦᠨ ᠵᠤᠯᠭᠠᠨ᠎ᠠ᠃ | ᠡᠨᠡ ᠦᠶᠡᠰ ᠵᠠᠷᠢᠮ ᠭᠠᠵᠠᠷ ᠨᠢ ᠪᠠᠰᠠ ᠱᠠᠭ᠎ᠠ ᠮᠤᠯᠳᠤᠯᠬᠤ᠂ ᠬᠦᠵᠦᠬᠦᠦ ᠨᠤᠭᠤᠯᠬᠤ ᠮᠡᠳᠦ ᠪᠠᠷ ᠬᠦᠷᠭᠡᠨ ᠤ | ᠪᠠᠨ ᠬᠦᠴᠦ ᠴᠢᠳᠠᠯ ᠢ ᠲᠡᠩᠰᠡᠳᠡᠭ ᠵᠠᠩᠰᠢᠯ ᠲᠠᠢ᠃ ᠢᠩᠬᠢᠵᠦ ᠪᠠᠷᠠᠪᠠᠯ ᠬᠠᠳᠠᠮ ᠤᠨ ᠲᠠᠯ᠎ᠠ ᠠᠴᠠ ᠬᠦᠷᠭᠡᠨ ᠳᠡᠭᠡᠨ | ᠰᠢᠨ᠎ᠡ ᠲᠡᠪᠡᠯ ᠬᠤᠪᠴᠠᠰᠤ ᠡᠮᠦᠰᠭᠡᠵᠦ᠂ ᠬᠡᠦᠬᠡᠨ ᠲᠠᠯ᠎ᠠ ᠶᠢᠨ ᠶᠡᠭᠡ ᠬᠤᠷᠢᠮ ᠤᠨ ᠨᠠᠶᠢᠷ ᠡᠬᠢᠯᠡᠨ᠎ᠡ᠃ | ᠬᠤᠷᠢᠮ ᠤᠨ ᠰᠢᠷᠡᠭᠡᠨ ᠳᠤ ᠬᠤᠶᠠᠷ ᠲᠠᠯ᠎ᠠ ᠶᠢᠨ ᠬᠢᠨ ᠲᠤᠰ ᠲᠤᠰ ᠪᠡᠷᠢ ᠲᠤᠰᠬᠤ ᠲᠡᠷᠢᠬᠦᠨ ᠬᠤᠳᠠ᠂ | ᠲᠡᠳ᠋ ᠬᠤᠳᠠ᠂ ᠬᠦᠦ ᠶᠢᠨ ᠲᠠᠯ᠎ᠠ ᠠᠴᠠ ᠠᠬᠠᠯᠠᠬᠤ ᠲᠡᠬᠦᠦᠴᠢᠯᠡᠬᠦ ᠬᠦᠮᠦᠨ᠂ ᠬᠡᠦᠬᠡᠨ ᠤ ᠲᠠᠯ᠎ᠠ ᠶᠢᠨ ᠪᠡᠷᠢ | ᠬᠦᠷᠭᠡᠬᠦ ᠬᠤᠳᠠᠭᠠᠢ᠂ ᠪᠡᠷᠭᠡᠨ ᠵᠡᠷᠭᠡ ᠬᠦᠮᠦᠰ ᠢ ᠬᠦᠨᠳᠦᠳᠭᠡᠨ ᠰᠠᠭᠠᠳᠠᠭᠤᠯᠵᠤ᠂ ᠬᠤᠶᠠᠷ ᠲᠠᠯ᠎ᠠ ᠶᠢᠨ ᠬᠤᠳᠠ ᠶᠢ | ᠨᠠᠶᠢᠷ ᠤᠨ ᠰᠢᠷᠡᠭᠡᠨ ᠤ ᠲᠡᠷᠢᠬᠦᠨ ᠰᠠᠭᠤᠳᠠᠯ ᠳᠤ ᠵᠠᠯᠠᠨ ᠰᠠᠭᠤᠯᠭᠠᠵᠤ᠂ ᠬᠤᠷᠢᠮ ᠤᠨ ᠶᠤᠰᠤᠯᠠᠯ ᠡᠬᠢᠯᠡᠨ᠎ᠡ ᠃ ︽ | ᠬᠤᠷᠢᠮ ᠳᠤ ᠨᠤᠶᠠᠨ ᠦᠬᠡᠢ᠂ ᠬᠤᠳᠳᠤᠭ ᠲᠤ ᠵᠢᠭᠠᠰᠤ ᠦᠬᠡᠢ︾ ᠬᠡᠵᠦ᠂ ᠬᠤᠷᠢᠮ ᠤᠨ ᠶᠤᠰᠤᠯᠠᠯ ᠳᠤ ᠵᠡᠷᠭᠡ | ᠵᠢᠩᠰᠡ ᠶᠢ ᠴᠢᠬᠤᠯᠠᠴᠢᠯᠠᠬᠤ ᠦᠬᠡᠢ᠂ ᠬᠠᠷᠢᠨ ᠠᠬᠠᠮᠠᠳ ᠲᠤᠮᠤᠭᠠᠳᠠᠳ ᠢ ᠬᠦᠨᠳᠦᠳᠭᠡᠵᠦ ᠲᠡᠭᠡᠷ᠎ᠡ ᠰᠠᠭᠤᠳᠠᠯ ᠳᠤ | ᠰᠠᠭᠤᠯᠭᠠᠨ᠎ᠠ᠃ ᠬᠤᠷᠢᠮ ᠤᠨ ᠶᠤᠰᠤᠯᠠᠯ ᠳᠤ ᠤᠷᠤᠯᠴᠠᠭᠰᠠᠨ ᠬᠤᠯᠠ ᠤᠶᠢᠷ᠎ᠠ ᠶᠢᠨ ᠰᠠᠳᠤᠨ ᠲᠦᠷᠦᠯ ᠬᠡᠶᠢᠴᠢᠨ | ᠵᠤᠴᠢᠳ ᠴᠤ ᠰᠢᠨ᠎ᠡ ᠬᠤᠪᠴᠠᠰᠤ ᠪᠠᠨ ᠡᠮᠦᠰᠦᠨ᠂ ᠲᠤᠯᠤᠭᠠᠢ ᠶᠢᠨ ᠵᠠᠰᠠᠯ ᠢᠶᠠᠨ ᠵᠡᠬᠦᠵᠦ᠂ ᠬᠤᠶᠠᠷ ᠬᠡᠦᠬᠡᠳ ᠤᠨ | ᠦᠨᠢ ᠤᠳᠠᠭᠠᠨ ᠦᠯᠵᠡᠢ ᠵᠢᠷᠭᠠᠯ ᠲᠠᠢ ᠪᠤᠯᠬᠤ ᠶᠢ ᠪᠡᠯᠭᠡᠯᠡᠵᠦ᠂ ᠬᠤᠷᠢᠮ ᠤᠨ ᠶᠤᠰᠤᠯᠠᠯ ᠢ ᠬᠦᠨᠳᠦᠳᠭᠡᠨ | ᠦᠵᠡᠳᠡᠭ᠃ ᠬᠦᠦ ᠲᠠᠯ᠎ᠠ ᠠᠴᠠ ᠬᠦᠦ ᠶᠢᠨ ᠢᠶᠠᠨ ᠢᠪᠡᠭᠡᠯ ᠵᠢᠯ ᠲᠠᠢ ᠡᠯᠢᠬᠡ ᠪᠦᠳᠦᠨ ᠠᠬᠠᠮᠠᠳ ᠲᠤᠮᠤᠭᠠᠳᠠᠨ ᠢ | ᠰᠤᠩᠭᠤᠵᠤ᠂ ᠮᠦᠷᠬᠦᠬᠦᠯᠬᠦ ᠡᠴᠢᠭᠡ ᠡᠬᠡ ᠪᠠᠷ ᠵᠠᠯᠠᠳᠠᠭ᠃ ᠮᠦᠷᠬᠦᠬᠦᠯᠦᠭᠰᠡᠨ ᠡᠴᠢᠬᠡ ᠨᠢ ᠰᠢᠨ᠎ᠡ ᠪᠡᠷᠢ ᠶᠢ ᠬᠠᠳᠠᠮ | ᠤᠨ ᠳᠤ ᠢᠷᠡᠭᠰᠡᠨ ᠤ ᠲᠠᠷᠠᠭ᠎ᠠ ᠪᠡᠷᠢ ᠶᠢ ᠲᠠᠭᠠᠭᠤᠯᠵᠤ ᠭᠠᠯ ᠳᠤ ᠮᠦᠷᠬᠦᠬᠦᠯᠬᠦ᠂ ᠬᠠᠳᠠᠮ ᠡᠴᠢᠬᠡ ᠡᠬᠡ ᠠᠬᠠᠮᠠᠳ | ᠲᠤᠮᠤᠭᠠᠳᠠᠨ ᠳᠤᠨᠢ ᠠᠷᠢᠬᠢ ᠪᠠᠷᠢᠭᠤᠯᠵᠤ ᠮᠦᠷᠬᠦᠬᠦᠯᠬᠦ ᠶᠤᠰᠤᠯᠠᠯ ᠢ ᠬᠦᠢᠴᠡᠳᠭᠡᠬᠦ ᠶᠢᠨ ᠬᠠᠮᠳᠤ᠂ ᠬᠡᠦᠬᠡᠨ ᠤ ᠦᠰᠦ | ᠶᠢ ᠵᠠᠭᠠᠳᠤᠰᠤᠯᠠᠨ ᠰᠠᠯᠭᠠᠵᠤ᠂ ᠰᠠᠨᠴᠢᠭ ᠰᠦᠢᠬᠡ ᠪᠤᠭᠤᠳᠠᠰᠤ ᠵᠡᠷᠭᠡ ᠲᠤᠯᠤᠭᠠᠢ ᠶᠢᠨ ᠵᠠᠰᠠᠯ ᠢ ᠵᠡᠬᠦᠯᠬᠡᠨ᠂ ᠬᠦᠮᠦᠨ | ᠪᠤᠯᠤᠭᠰᠠᠨ ᠬᠦᠢᠴᠡᠳᠭᠡᠯ ᠢ ᠪᠦᠷᠢᠨ ᠪᠡᠶᠡᠯᠡᠬᠦᠯᠳᠡᠭ᠃ ᠡᠶᠢᠮᠦ ᠠᠴᠠ ᠮᠦᠷᠬᠦᠬᠦᠯᠦᠭᠰᠡᠨ ᠡᠴᠢᠬᠡ ᠡᠬᠡ ᠶᠢ ︽ᠬᠠᠷ᠎ᠠ | ᠦᠰᠦ ᠶᠢ ᠨᠢ ᠬᠠᠭᠠᠯᠵᠤ᠂ ᠬᠠᠯᠠᠭᠤᠨ ᠭᠠᠯ ᠳᠤᠨᠢ ᠮᠦᠷᠬᠦᠬᠦᠯᠦᠭᠰᠡᠨ︾ ᠬᠡᠵᠦ᠂ ᠬᠤᠶᠠᠷ ᠭᠡᠷ ᠤᠨ ᠡᠴᠢᠬᠡ ᠡᠬᠡ | ᠲᠠᠢ ᠪᠠᠨ ᠡᠬᠡᠬᠡ ᠠᠳᠠᠯᠢ ᠪᠠᠷ ᠦᠵᠡᠵᠦ ᠬᠦᠨᠳᠦᠳᠭᠡᠳᠡᠭ᠃ | ᠬᠤᠷᠢᠮ ᠤᠨ ᠰᠢᠷᠡᠭᠡ ᠡᠬᠢᠯᠡᠬᠦ ᠠᠴᠠ ᠡᠮᠦᠨ᠎ᠡ᠂ ᠬᠤᠯᠠ ᠠᠴᠠ ᠮᠤᠷᠢ ᠤᠨᠤᠭ᠎ᠠ ᠲᠠᠢ ᠬᠡᠦᠬᠡᠨ ᠲᠤᠰᠬᠤ ᠪᠠᠷ | ᠢᠷᠡᠭᠰᠡᠨ ᠭᠡᠶᠢᠴᠢᠨ ᠤ ᠵᠠᠮ ᠤᠨ ᠵᠦᠳᠡᠷᠡᠭᠡ ᠶᠢ ᠲᠠᠶᠢᠯᠬᠤ ᠬᠡᠮᠡᠨ ᠭᠤᠷᠪᠠᠨ ᠬᠡᠮ ᠠᠷᠢᠬᠢ ᠪᠠᠷᠢᠵᠤ ᠬᠤᠭᠤᠯᠠ | ᠪᠤᠳᠠᠭ᠎ᠠ ᠪᠠᠷᠢᠨ᠎ᠠ᠃ ᠵᠢᠩᠬᠢᠨᠢ ᠨᠠᠶᠢᠷ ᠤᠨ ᠰᠢᠷᠡᠭᠡ ᠡᠬᠢᠯᠡᠮᠡᠭᠴᠡ ᠰᠢᠷᠡᠭᠡᠨ ᠤ ᠭᠤᠷᠪᠠᠨ ᠭᠡᠮ ᠠᠷᠢᠬᠢ ᠪᠠᠷᠢᠭᠰᠠᠨ ᠤ | ᠲᠠᠷᠠᠭ᠎ᠠ ᠬᠡᠮ ᠤᠨ ᠲᠤᠭ᠎ᠠ ᠶᠢ ᠶᠠᠷᠢᠯᠴᠠᠨ ᠲᠤᠭᠳᠠᠭᠠᠳᠠᠭ᠃ ᠡᠬᠦᠨ ᠳᠤ ᠬᠡᠦᠬᠡᠨ ᠲᠠᠯ᠎ᠠ ᠶᠢᠨ ᠰᠢᠷᠡᠭᠡᠨ ᠲᠠᠭᠠᠭᠠᠮᠠᠯ | ᠠᠴᠠ ︽ᠠᠪᠤ ᠡᠵᠢ ᠶᠢᠨ ᠬᠢᠨᠢ ᠵᠤᠷᠢᠭᠰᠠᠨ ᠬᠡᠮ ᠠᠷᠪᠠᠨ ᠨᠠᠢᠮᠠ ︾ ᠭᠡᠬᠦ ᠮᠡᠳᠦ ᠪᠠᠷ ᠡᠯᠪᠡᠭ ᠰᠠᠶᠢᠬᠠᠨ ᠬᠡᠯᠡᠬᠦ ᠳᠤ᠂ | ᠬᠦᠦ ᠲᠠᠯ᠎ᠠ ᠶᠢᠨ ᠬᠤᠳᠠ ᠨᠠᠷ ᠤᠴᠢᠷ ᠰᠢᠯᠳᠠᠭᠠᠨ ᠬᠡᠯᠡᠵᠦ ᠠᠯᠢ ᠪᠤᠯᠬᠤ ᠪᠠᠷ ᠴᠦᠬᠡᠨ ᠪᠤᠯᠭᠠᠬᠤ ᠪᠠᠷ ᠴᠢᠷᠮᠠᠶᠢᠨ᠎ᠠ | ᠃ ᠲᠡᠬᠡᠵᠦ ᠮᠡᠳᠭᠡᠯᠴᠡᠨ ᠶᠠᠷᠢᠯᠴᠠᠭᠰᠠᠭᠠᠡᠷ ᠦᠨᠳᠦᠰᠦᠨ ᠳᠡᠭᠡᠨ ᠶᠢᠰᠦᠨ ᠬᠡᠮ ᠤᠨ ᠲᠤᠭ᠎ᠠ ᠲᠡᠭᠡᠷ᠎ᠡ ᠲᠤᠭᠳᠠᠳᠠᠭ | ᠪᠠᠶᠢᠨ᠎ᠠ᠃ ᠡᠨᠡᠬᠦ ᠶᠢᠰᠦᠨ ᠬᠡᠮ ᠢᠶᠠᠨ ᠭᠤᠷᠪᠠ ᠭᠤᠷᠪᠠᠨ ᠬᠡᠮ ᠢᠶᠠᠷ ᠠᠩᠬᠢᠯᠠᠨ ᠬᠤᠪᠢᠶᠠᠵᠤ᠂ ᠬᠤᠨᠳᠠᠭ᠎ᠠ ᠬᠡᠮ ᠢ | ᠶᠡᠬᠡᠰᠭᠡᠭᠰᠡᠭᠡᠷ ᠪᠠᠶᠢᠭᠠᠳ᠂ ᠬᠠᠮᠤᠭ ᠰᠡᠬᠦᠯᠴᠢ ᠶᠢᠨ ᠬᠡᠮ ᠢ ᠮᠦᠩᠬᠦᠨ ᠬᠡᠮ ᠢᠶᠠᠷ ᠪᠠᠷᠢᠳᠠᠭ᠃ ᠮᠦᠩᠬᠦᠨ ᠬᠡᠮ | ᠪᠠᠷᠢᠬᠤ ᠳᠠᠭᠠᠨ ᠶᠡᠭᠡ ᠪᠠᠭ᠎ᠠ ᠨᠢ ᠠᠳᠠᠯᠢ ᠦᠬᠡᠢ ᠭᠤᠷᠪᠠᠨ ᠮᠦᠩᠬᠦᠨ ᠠᠶᠠᠭ᠎ᠠ ᠶᠢ ᠲᠠᠪᠬᠤᠷᠯᠠᠨ ᠲᠠᠯᠪᠢᠵᠤ᠂ ᠲᠤᠰ | ᠪᠦᠷᠢ ᠨᠢᠬᠡ ᠬᠡᠮ ᠪᠠᠷᠢᠨ᠎ᠠ ᠭᠡᠳᠡᠭ᠃ ᠭᠡᠪᠡᠴᠦ ᠬᠠᠮᠤᠭ ᠤᠨ ᠲᠤᠮᠤ ᠮᠦᠩᠬᠦᠨ ᠠᠶᠠᠭ᠎ᠠ ᠨᠢ ᠪᠠᠷᠤᠭ ᠬᠠᠭᠠᠰ ᠵᠢᠩ | ᠤᠷᠤᠬᠤ ᠲᠤᠯᠠ ᠰᠢᠷᠡᠭᠡᠨ ᠳᠤ ᠰᠠᠭᠤᠭᠰᠠᠨ ᠬᠦᠮᠦᠰ ᠶᠠᠷᠢᠯᠴᠠᠨ᠂ ᠲᠤᠮᠳᠠ ᠬᠡᠮ ᠢᠶᠠᠷ ᠨᠢᠬᠡ᠂ ᠪᠠᠭ᠎ᠠ ᠬᠡᠮ ᠢᠶᠠᠷ | ᠬᠤᠶᠠᠷ ᠭᠡᠬᠦ ᠮᠡᠳᠦᠴᠢᠯᠡᠨ ᠠᠷᠢᠬᠢᠨ ᠤ ᠬᠡᠮᠵᠢᠶ᠎ᠡ ᠶᠢ ᠪᠠᠭᠠᠰᠬᠠᠳᠠᠭ᠃ ᠬᠡᠮ ᠤᠨ ᠲᠤᠭ᠎ᠠ ᠲᠤᠭᠳᠠᠭᠰᠠᠨ ᠤ ᠲᠠᠷᠠᠭ᠎ᠠ | ᠬᠦᠦ ᠲᠠᠯ᠎ᠠ ᠴᠤ ᠠᠳᠠᠯᠢ ᠲᠤᠭ᠎ᠠ ᠪᠠᠷ ᠪᠠᠷᠢᠨ᠎ᠠ᠂ ᠭᠡᠪᠡᠴᠦ ᠠᠷᠢᠬᠢᠨ ᠤ ᠬᠡᠮᠵᠢᠶ᠎ᠡ ᠨᠢ ᠬᠡᠦᠬᠡᠨ ᠲᠠᠯ᠎ᠠ ᠠᠴᠠ ᠪᠠᠭ᠎ᠠ | ᠰᠠᠭ᠎ᠠ ᠢᠯᠡᠬᠦᠦ ᠪᠠᠶᠢᠵᠤ ᠪᠤᠯᠳᠠᠭ᠃ ᠰᠢᠷᠡᠭᠡᠨ ᠤ ᠵᠠᠭᠤᠰᠢ ᠶᠢ ᠬᠠᠯᠠᠭᠤᠨ ᠰᠡᠷᠢᠬᠦᠨ ᠨᠤᠭᠤᠭ᠎ᠠ ᠬᠤᠤᠰ ᠬᠤᠤᠰ | ᠲᠤᠭ᠎ᠠ ᠪᠠᠷ ᠤᠷᠤᠭᠤᠯᠬᠤ ᠠᠴᠠ ᠭᠠᠳᠠᠨ᠎ᠠ ᠪᠦᠬᠦᠯᠢ ᠰᠢᠬᠦᠰᠦ ᠪᠤᠶᠤ ᠤᠭᠤᠴᠠ ᠲᠠᠯᠪᠢᠳᠠᠭ ᠃ | ᠬᠡᠦᠬᠡᠨ ᠲᠠᠯ᠎ᠠ ᠶᠢᠨ ᠨᠠᠶᠢᠷ ᠲᠡᠭᠡᠳᠦᠯᠡᠵᠦ ᠬᠡᠦᠬᠡᠨ ᠮᠤᠷᠳᠠᠬᠤ ᠦᠶ᠎ᠡ ᠳᠤ ᠬᠦᠷᠢᠶᠡᠨ ᠤ ᠭᠠᠳᠠᠨ᠎ᠠ ᠬᠦᠯᠢᠰ | ᠤᠨ ᠰᠢᠷᠡᠭᠡᠨ ᠲᠡᠭᠡᠷ᠎ᠡ ᠬᠦᠵᠢ ᠠᠷᠴᠠ ᠰᠢᠳᠠᠭᠠᠵᠤ᠂ ᠰᠢᠬᠦᠰᠦ ᠪᠤᠶᠤ ᠲᠠᠬᠢᠯᠭ᠎ᠠ ᠶᠢᠨ ᠢᠳᠡᠭᠡᠨ ᠲᠠᠯᠪᠢᠵᠤ | ᠮᠦᠷᠬᠦᠬᠦᠯᠦᠭᠰᠡᠨ ᠡᠴᠢᠬᠡ ᠡᠬᠡ ᠨᠢ ᠬᠦᠦ ᠪᠡᠷᠢ ᠶᠢ ᠲᠡᠭᠷᠢ ᠳᠤ ᠮᠦᠷᠬᠦᠬᠦᠯᠵᠦ᠂ ᠬᠦᠷᠭᠡᠨ ᠨᠢ ᠬᠡᠦᠬᠡᠨ ᠤ | ᠤᠨᠤᠭᠰᠠᠨ ᠮᠤᠷᠢ ᠶᠢ ᠴᠤᠯᠪᠤᠭᠤᠷ ᠠᠴᠠ ᠨᠢ ᠬᠦᠳᠦᠯᠦᠨ᠂ ᠰᠠᠩ ᠤᠨ ᠬᠦᠯᠢᠰ ᠤᠨ ᠰᠢᠷᠡᠭᠡ ᠶᠢ ᠨᠠᠷᠠᠨ ᠵᠦᠭ | ᠭᠤᠷᠪᠠ ᠡᠷᠬᠢᠳᠡᠭ᠂ ᠡᠬᠦᠨ ᠢ ︽ᠰᠠᠩ ᠡᠷᠬᠢᠬᠦᠯᠬᠦ︾ ᠬᠡᠳᠡᠭ᠃ ᠡᠷ᠎ᠡ ᠡᠮ᠎ᠡ ᠬᠤᠶᠠᠷ ᠤᠨ ᠰᠠᠭᠠᠳᠠᠭ ᠠᠭᠰᠠᠵᠤ | ᠰᠠᠩ ᠡᠷᠬᠢᠵᠦ ᠬᠤᠯᠪᠤᠭᠰᠠᠨ ᠶᠠᠪᠤᠳᠠᠯ ᠪᠤᠯ ᠤᠷᠤᠭ ᠪᠠᠷᠢᠯᠳᠤᠯᠭ᠎ᠠ ᠶᠢᠨ ᠶᠠᠪᠤᠴᠠ ᠳᠠᠬᠢ ᠬᠠᠮᠤᠭ ᠤᠨ ᠴᠢᠬᠤᠯᠠ | ᠶᠠᠪᠤᠳᠠᠯ ᠬᠡᠵᠦ ᠮᠠᠰᠢ ᠶᠡᠭᠡ ᠬᠦᠨᠳᠦᠳᠭᠡᠨ ᠡᠷᠬᠢᠮᠯᠡᠳᠡᠭ᠃ ᠦᠨᠦ ᠶᠢᠨ ᠤᠶᠢᠯᠠᠭᠠᠭᠳᠠᠬᠤᠨ ᠢᠶᠠᠷ ᠦᠵᠡᠳᠡᠭ ᠪᠤᠯ | ᠲᠠᠷᠤᠢ ᠬᠠᠤᠯᠢ ᠴᠠᠭᠠᠵᠠ ᠶᠢᠨ ᠬᠦᠴᠦᠨ ᠲᠠᠢ ᠪᠤᠯᠤᠭᠰᠠᠨ ᠶᠠᠪᠤᠳᠠᠯ ᠪᠤᠯᠤᠨ᠎ᠠ᠃ | ᠪᠡᠷᠢ ᠪᠠᠭᠤᠯᠭᠠᠬᠤ ᠠᠶᠢᠯ ᠨᠢ ᠰᠢᠨ᠎ᠡ ᠭᠡᠷ ᠪᠡᠯᠡᠳᠭᠡᠳᠡᠭ᠃ ᠡᠨᠡ ᠬᠦ᠋ ᠰᠢᠨ᠎ᠡ ᠭᠡᠷ ᠢ ᠪᠡᠷᠢ ᠲᠤᠰᠬᠤ ᠪᠠᠷ | ᠮᠤᠷᠳᠠᠬᠤ ᠠᠴᠠ ᠡᠮᠦᠨ᠎ᠡ ᠬᠦᠦ ᠲᠠᠯ᠎ᠠ ᠮᠢᠯᠢᠶᠠᠬᠤ ᠪᠠᠷ ᠪᠠᠷᠠᠬᠤ ᠦᠬᠡᠢ ᠪᠡᠷᠢ ᠢᠷᠡᠭᠰᠡᠨ ᠤ ᠲᠠᠷᠠᠭ᠎ᠠ ᠬᠡᠦᠬᠡᠨ ᠲᠠᠯ᠎ᠠ | ᠶᠢᠨ ᠬᠢᠨ ᠪᠠᠰᠠ ᠮᠢᠯᠢᠶᠠᠵᠤ ᠢᠷᠦᠭᠡᠳᠡᠭ᠃ | ᠭᠡᠷ ᠮᠢᠯᠢᠶᠠᠬᠤ ᠢᠷᠦᠭᠡᠯ᠄ | ᠠᠰᠤᠷᠤ ᠶᠡᠭᠡ ᠠᠮᠤᠭᠤᠯᠠᠩ ᠪᠤᠯᠳᠤᠭᠠᠢ | ᠡᠩᠬᠡ ᠰᠠᠶᠢᠨ ᠵᠢᠷᠭᠠᠯᠠᠩ ᠪᠤᠯᠳᠤᠭᠠᠢ | ᠡᠷᠳᠡ ᠤᠷᠢᠳᠤ ᠶᠢᠨ ᠴᠠᠭ ᠲᠤ | ᠡᠪᠦᠭᠡ ᠲᠡᠭᠡᠳᠦᠰ ᠤᠨ ᠦᠶ᠎ᠡ ᠳᠤ | ᠡᠵᠡᠨ ᠪᠤᠭᠳᠠ ᠴᠢᠩᠬᠢᠰ ᠤᠨ ᠡᠬᠦᠳᠦᠭᠰᠡᠨ ᠶᠤᠰᠤ | ᠦᠷ᠎ᠡ ᠬᠤᠶᠢᠴᠢᠰ ᠨᠢ ᠪᠢᠳᠡᠨ ᠤ ᠵᠠᠯᠭᠠᠮᠵᠢᠯᠠᠬᠤ ᠵᠢᠷᠤᠮ | ᠦᠶ᠎ᠡ ᠶᠢᠨ ᠦᠶ᠎ᠡ ᠤᠯᠠᠮᠵᠢᠯᠠᠭᠳᠠᠬᠤ ᠦᠪ ᠵᠠᠩᠰᠢᠯ | ᠦᠨᠢ ᠡᠬᠦᠷᠢᠳᠡ ᠦᠬᠡᠳᠡᠯᠡᠬᠦ ᠶᠢᠨ ᠢᠷᠦᠬᠡᠯ ᠵᠦᠩᠨᠡᠯ ᠪᠤᠶᠤ᠃ | ᠠᠯᠳᠠᠨ ᠨᠠᠷᠠᠨ ᠤ ᠭᠡᠭᠡᠨ ᠭᠡᠷᠡᠯ | ᠠᠭᠠᠷ ᠲᠡᠭᠷᠢ ᠶᠢ ᠬᠡᠶᠢᠬᠦᠯᠵᠦ | ᠠᠰᠤᠷᠤ ᠰᠠᠶᠢᠬᠠᠨ ᠠᠭᠤᠷ ᠠᠮᠢᠰᠬᠤᠯ | ᠠᠭᠤᠳᠠᠮ ᠲᠡᠯᠡᠬᠡᠢ ᠳᠤ ᠲᠤᠨᠤᠷᠠᠶᠤ | ᠲᠦᠮᠡᠨ ᠦᠯᠵᠡᠢ ᠮᠢᠩᠭᠠᠨ ᠤᠴᠠᠷᠠᠯ | ᠲᠡᠬᠦᠰ ᠰᠠᠶᠢᠬᠠᠨ ᠪᠦᠷᠢᠳᠦᠭᠰᠡᠨ | ᠰᠠᠷ᠎ᠠ ᠶᠢᠨ ᠰᠠᠶᠢᠨ ᠡᠳᠦᠷ ᠤᠨ ᠦᠯᠵᠡᠶᠢᠳᠡᠢ ᠶᠢ | ᠦᠵᠡᠵᠦ ᠰᠤᠩᠭᠤᠭᠰᠠᠨ ᠡᠨᠡ ᠴᠠᠭ ᠲᠤᠷ | ᠠᠪᠤ ᠡᠵᠢ ᠶᠢᠨ ᠢᠶᠠᠨ ᠬᠠᠯᠠᠭᠤᠨ ᠠᠯᠠᠭᠠᠨ ᠲᠡᠭᠡᠷ᠎ᠡ ᠪᠤᠶᠢᠵᠢᠭᠰᠠᠨ | ᠠᠷᠠᠳ ᠤᠯᠠᠨ ᠤ ᠪᠠᠨ ᠬᠠᠯᠠᠮᠵᠢᠯᠠᠯ ᠰᠤᠷᠭᠠᠯ ᠳᠤ ᠬᠦᠮᠦᠵᠢᠭᠰᠡᠨ | ᠡᠪᠦᠭᠡ ᠲᠡᠭᠡᠳᠦᠰ ᠤᠨ ᠬᠢᠨᠢ ᠰᠦᠷ ᠰᠦᠯᠳᠡ ᠰᠢᠮᠡᠳᠦᠭᠰᠡᠨ | ᠦᠳᠡᠬᠦᠰ ᠨᠠᠰᠤᠳᠠᠨ ᠤ ᠬᠢᠨᠢ ᠢᠷᠦᠭᠡᠯ ᠵᠦᠩᠨᠡᠯ ᠲᠤᠭᠳᠠᠭᠰᠠᠨ | ᠬᠤᠩᠭᠤᠷ ᠰᠡᠳᠬᠢᠯᠳᠦ ᠬᠤᠶᠠᠷ ᠵᠠᠯᠠᠭᠤ ᠮᠢᠨᠢ | ᠬᠠᠶᠢᠷ᠎ᠠ ᠶᠢᠨ ᠭᠡᠯᠬᠢᠶᠡᠳᠦ ᠡᠷᠦᠬᠡ ᠪᠠᠨ ᠪᠤᠰᠬᠠᠵᠤ | ᠬᠤᠤᠰᠯᠠᠨ ᠵᠢᠷᠭᠠᠬᠤ ᠶᠢᠨ ᠵᠠᠶᠠᠭ᠎ᠠ ᠬᠤᠯᠪᠤᠵᠤ | ᠬᠠᠨᠢ ᠶᠢᠨ ᠲᠡᠭᠷᠢ ᠳᠤ ᠵᠢᠷᠭᠠᠯ ᠴᠤᠭᠴᠠᠯᠠᠬᠤᠶᠠ | ᠦᠯᠵᠡᠢ ᠵᠢᠷᠭᠠᠯᠳᠤ ᠡᠬᠦᠳᠡ ᠡᠷᠦᠬᠡ | ᠦᠨᠳᠦᠰᠦ ᠢᠵᠠᠭᠤᠷ ᠭᠠᠯ ᠭᠤᠯᠤᠮᠳᠠ | ᠦᠬᠡᠳᠡᠯᠡᠨ ᠮᠠᠨᠳᠤᠬᠤ ᠠᠮᠢᠳᠤᠷᠠᠯ ᠢ ᠨᠢ ᠪᠡᠯᠭᠡᠳᠡᠵᠦ | ᠦᠯᠵᠡᠶᠢᠳᠦ ᠰᠠᠶᠢᠬᠠᠨ ᠢᠷᠦᠭᠡᠯ ᠢᠶᠠᠨ ᠲᠡᠪᠰᠢᠬᠦᠯᠦᠶ᠎ᠡ᠃ | ᠠᠪᠤ ᠡᠵᠢ ᠠᠬ᠎ᠠ ᠲᠡᠬᠦᠦ ᠰᠠᠳᠤᠨ | ᠠᠶᠢᠯ ᠠᠶᠢᠮᠠᠭ ᠪᠦᠬᠦᠳᠡᠭᠡᠷ ᠢᠶᠠᠨ | ᠠᠮᠳᠠᠳᠤ ᠰᠠᠶᠢᠬᠠᠨ ᠢᠳᠡᠭᠡᠨ ᠢᠶᠠᠨ | ᠠᠯᠳᠠᠨ ᠲᠠᠪᠠᠭ ᠲᠠᠭᠠᠨ ᠴᠤᠩᠬᠤᠷᠯᠠᠵᠤ | ᠠᠷᠢᠭᠤᠨ ᠰᠠᠨᠠᠭᠠᠨ ᠤ ᠡᠬᠦᠳᠡᠨ ᠠᠴᠠ | ᠠᠰᠢᠳᠠ ᠶᠢᠨ ᠵᠢᠷᠭᠠᠯ ᠢ ᠨᠢ ᠢᠷᠦᠭᠡᠬᠦ ᠳᠡᠭᠡᠨ | ᠰᠦᠷᠦᠭ ᠮᠠᠯ ᠤᠨ ᠰᠢᠮ᠎ᠡ | ᠰᠦ ᠰᠠᠭᠠᠯᠢ ᠶᠢᠨ ᠲᠡᠭᠡᠵᠢ | ᠮᠡᠯᠮᠡᠯᠵᠡᠭᠰᠡᠨ ᠠᠶᠠᠭ᠎ᠠ ᠲᠠᠢ ᠠᠶᠢᠷᠠᠭ | ᠮᠡᠯᠳᠡᠭᠡᠨᠡᠭᠰᠡᠨ ᠲᠤᠩᠭᠠᠯᠠᠭ ᠲᠤᠰᠤ ᠪᠠᠷ | ᠪᠡᠯᠬᠡᠯᠡᠨ ᠮᠢᠯᠢᠶᠠᠵᠤ ᠮᠠᠭᠳᠠᠨ ᠢᠷᠦᠬᠡᠬᠦ ᠢᠨᠤ ᠄ | ᠬᠠᠩᠭᠠᠢ ᠶᠢᠨ ᠮᠤᠳᠤ ᠶᠢ ᠬᠠᠷᠤᠭᠤᠯᠳᠠᠵᠤ ᠬᠢᠭᠰᠡᠨ | ᠬᠠᠯᠢᠮᠠᠭ ᠤᠨ ᠤᠷᠠᠴᠤᠳ ᠤᠷᠠᠯᠠᠵᠤ ᠬᠢᠭᠰᠡᠨ | ᠬᠠᠭᠠᠯᠭ᠎ᠠ ᠪᠤᠱᠤᠭ᠎ᠠ ᠡᠬᠦᠳᠡ ᠶᠢ ᠴᠢᠨᠢ ᠮᠢᠯᠢᠶᠠᠶ᠎ᠠ | ᠬᠤᠰᠤ ᠮᠤᠳᠤ ᠶᠢ ᠴᠠᠪᠴᠢᠵᠤ ᠬᠢᠭᠰᠡᠨ | ᠬᠤᠷᠤᠭᠤ ᠲᠠᠭ᠎ᠠ ᠶᠢ ᠦᠷᠦᠮᠳᠡᠵᠦ ᠬᠢᠭᠰᠡᠨ | ᠪᠠᠳᠠᠷᠠᠯ ᠬᠦᠭᠵᠢᠯ ᠤᠨ ᠲᠠᠯᠠᠯᠭ᠎ᠠ ᠪᠤᠯᠤᠭᠰᠠᠨ | ᠪᠠᠳᠮᠠᠷᠠᠭ ᠡᠷᠳᠡᠨᠢᠳᠦ ᠲᠤᠭᠤᠨᠤ ᠶᠢ ᠮᠢᠯᠢᠶᠠᠶ᠎ᠠ | ᠤᠷᠳᠤ ᠬᠠᠩᠭᠠᠢ ᠶᠢᠨ ᠮᠤᠳᠤ ᠶᠢ | ᠤᠷᠳᠤᠯᠠᠨ ᠲᠡᠯᠬᠡᠵᠦ ᠰᠢᠬᠦᠷᠯᠡᠭᠰᠡᠨ | ᠤᠨᠠᠭ᠎ᠠ ᠲᠠᠭ᠎ᠠ ᠶᠢᠨ ᠬᠢᠯᠭᠠᠰᠤ ᠪᠠᠷ | ᠤᠶᠠᠭ᠎ᠠ ᠰᠠᠭᠠᠯᠳᠤᠷᠭ᠎ᠠ ᠪᠤᠯᠭᠠᠭᠰᠠᠨ | ᠤᠨᠢ ᠶᠢ ᠴᠢᠨᠢ ᠮᠢᠯᠢᠶᠠᠶ᠎ᠠ | ᠬᠤᠶᠢᠳᠤ ᠬᠠᠩᠭᠠᠢ ᠶᠢᠨ ᠪᠤᠷᠭᠠᠰᠤ ᠶᠢ | ᠬᠠᠷᠤᠭᠤᠯᠳᠠᠨ ᠵᠦᠰᠦᠵᠦ ᠮᠠᠳᠠᠭᠠᠳ | ᠬᠠᠨᠳᠠᠭᠠᠢ ᠪᠤᠭᠤ ᠶᠢᠨ ᠰᠢᠷᠢ ᠪᠠᠷ | ᠬᠠᠳᠠᠭᠠᠰᠤᠯᠠᠨ ᠦᠳᠡᠵᠦ ᠲᠤᠪᠴᠢᠯᠠᠭᠰᠠᠨ | ᠬᠠᠨ᠎ᠠ ᠶᠢ ᠴᠢᠨᠢ ᠮᠢᠯᠢᠶᠠᠶ᠎ᠠ | ᠴᠢᠨᠳᠠᠭᠠᠨ ᠴᠠᠭᠠᠨ ᠬᠢᠯᠭᠠᠰᠤ ᠶᠢ | ᠴᠢᠩᠭ᠎ᠠ ᠡᠷᠴᠢᠯᠡᠨ ᠲᠠᠮᠤᠭᠰᠠᠨ | ᠴᠢᠨᠳᠠᠮᠤᠨᠢ ᠲᠤᠭᠤᠨᠤ ᠶᠢᠨ ᠭᠤᠤᠯ ᠲᠠᠢ | ᠴᠢᠩᠳᠠ ᠭᠡᠭᠴᠢ ᠬᠤᠯᠪᠤᠭᠰᠠᠨ | ᠴᠢᠬᠳᠠᠭ᠎ᠠ ᠶᠢ ᠴᠢᠨᠢ ᠮᠢᠯᠢᠶᠠᠶ᠎ᠠ | ᠦᠭᠡᠳᠡᠩ ᠲᠤᠷᠭ᠎ᠠ ᠪᠠᠷ ᠡᠮᠵᠢᠨ ᠬᠦᠪᠡᠭᠡᠯᠡᠭᠰᠡᠨ | ᠦᠩᠬᠡᠳᠦ ᠲᠤᠷᠳᠤᠩ ᠢᠶᠠᠷ ᠦᠶᠡᠯᠡᠬᠦᠯᠦᠨ ᠲᠠᠳᠠᠭᠰᠠᠨ | ᠨᠠᠬᠢᠶ᠎ᠠ ᠨᠠᠮᠠᠭ᠎ᠠ ᠨᠢ ᠬᠦᠪᠦᠯᠵᠡᠭᠰᠡᠨ | ᠨᠠᠢᠮᠠᠨ ᠬᠠᠨ᠎ᠠ ᠶᠢᠨ ᠬᠦᠰᠢᠭᠡ ᠶᠢ ᠴᠢᠨᠢ ᠮᠢᠯᠢᠶᠠᠶ᠎ᠠ | ᠲᠠᠯᠠᠢ ᠴᠠᠭᠠᠨ ᠲᠡᠭᠡᠪᠦᠷ ᠲᠠᠢ | ᠲᠠᠷᠠᠭᠠᠷ ᠴᠠᠭᠠᠨ ᠲᠤᠭᠤᠷᠭ᠎ᠠ ᠲᠠᠢ | ᠤᠷᠤᠭ᠎ᠠ ᠮᠤᠷᠢᠨ ᠤ ᠲᠡᠯ ᠢᠶᠠᠷ | ᠤᠶᠤᠵᠤ ᠬᠠᠳᠬᠤᠵᠤ ᠪᠠᠬᠢᠯᠡᠭᠰᠡᠨ | ᠤᠷᠤᠭᠰᠠᠨ ᠪᠤᠤᠷ᠎ᠠ ᠶᠢᠨ ᠵᠤᠭᠳᠤᠷ ᠢᠶᠠᠷ | ᠤᠷᠢᠶᠠᠨ ᠮᠤᠰᠬᠢᠵᠤ ᠲᠠᠮᠤᠭᠰᠠᠨ | ᠤᠷᠳᠤ ᠴᠠᠭᠠᠨ ᠦᠷᠬᠦᠭᠡ ᠶᠢᠨ | ᠤᠷᠳᠤᠭᠤᠷ ᠬᠤᠶᠢᠭᠤᠷ ᠤᠷᠢᠶᠠᠯᠳᠤᠨ ᠰᠦᠯᠵᠢᠭᠰᠡᠨ | ᠤᠭᠤᠰᠤᠷ ᠪᠦᠴᠡ ᠪᠦᠰᠡᠯᠡᠬᠦᠷ ᠢ ᠴᠢᠨᠢ ᠮᠢᠯᠢᠶᠠᠶ᠎ᠠ | ᠦᠷ ᠤᠨ ᠲᠤᠶᠠᠭ᠎ᠠ ᠶᠢ ᠦᠨᠳᠡᠶᠢᠨ ᠤᠭᠳᠤᠬᠤ | ᠦᠳᠡᠰᠢ ᠶᠢᠨ ᠵᠢᠪᠠᠷ ᠢ ᠦᠯᠳᠡᠨ ᠬᠦᠭᠡᠭᠡᠬᠦ | ᠡᠳᠦᠷ ᠰᠦᠨᠢ ᠶᠢᠨ ᠡᠷᠡᠮ ᠢ ᠢᠯᠭᠠᠭᠴᠢ | ᠦᠯᠵᠡᠢ ᠵᠠᠩᠬᠢᠶ᠎ᠠ ᠶᠢᠨ ᠬᠡᠯᠪᠡᠷᠢᠳᠦ | ᠡᠷᠦᠬᠡ ᠶᠢ ᠴᠢᠨᠢ ᠮᠢᠯᠢᠶᠠᠶ᠎ᠠ | ᠭᠠᠩ ᠪᠤᠯᠤᠳ ᠤᠨ ᠴᠠᠭᠠᠷᠢᠭ ᠲᠠᠢ | ᠭᠠᠩᠭᠠᠩ ᠲᠦᠷᠪᠡᠨ ᠤᠴᠢᠭ ᠲᠠᠢ | ᠭᠠᠯ ᠭᠤᠯᠤᠮᠳᠠ ᠶᠢᠨ ᠲᠠᠭᠢᠨᠢᠰ ᠤᠨ ᠮᠠᠨᠳᠠᠯ | ᠭᠠᠯ ᠤᠨ ᠲᠤᠯᠭ᠎ᠠ ᠲᠠᠪᠴᠠᠩ ᠢ ᠮᠢᠯᠢᠶᠠᠮᠤᠢ᠃ | ᠪᠠᠯᠪᠤ ᠶᠢᠨ ᠲᠠᠷᠬᠠᠨ ᠬᠠᠶᠢᠯᠠᠭᠤᠯᠵᠤ ᠬᠢᠭᠰᠡᠨ | ᠪᠠᠰᠠ ᠨᠢᠬᠡ ᠲᠠᠷᠬᠠᠨ ᠲᠠᠪᠳᠠᠵᠤ ᠬᠢᠭᠰᠡᠨ | ᠭᠠᠩ ᠰᠢᠷᠡᠮᠦ ᠶᠢ ᠬᠠᠳᠠᠭᠠᠵᠤ ᠬᠢᠭᠰᠡᠨ | ᠭᠠᠯ ᠤᠨ ᠬᠠᠶᠢᠴᠢ ᠢ ᠴᠢᠨᠢ ᠮᠢᠯᠢᠶᠠᠶ᠎ᠠ | ᠮᠠᠩᠨᠤᠭ ᠲᠤᠷᠭ᠎ᠠ ᠶᠢ ᠵᠦᠰᠦᠵᠦ ᠬᠢᠭᠰᠡᠨ | ᠮᠠᠩᠯᠠᠢ ᠤᠷᠠᠴᠤᠳ ᠲᠠᠭᠠᠷᠠᠭᠤᠯᠵᠤ ᠤᠶᠤᠭᠰᠠᠨ | ᠦᠭᠡᠳᠡᠩ ᠲᠤᠷᠭ᠎ᠠ ᠶᠢ ᠦᠬᠡᠯᠡᠵᠦ ᠬᠢᠭᠰᠡᠨ | ᠦᠪᠡᠷ ᠤᠨ ᠡᠬᠡᠴᠢ ᠲᠡᠬᠦᠦ ᠨᠢ ᠡᠰᠬᠡᠵᠦ ᠤᠶᠤᠭᠰᠠᠨ | ᠬᠠᠩᠪᠤ ᠲᠤᠷᠭ᠎ᠠ ᠶᠢ ᠬᠠᠶᠢᠴᠢᠯᠠᠵᠤ ᠬᠢᠭᠰᠡᠨ | ᠬᠠᠷᠢ ᠶᠢᠨ ᠡᠭᠡᠴᠢ ᠲᠡᠬᠦᠦ ᠨᠢ ᠤᠷᠠᠯᠠᠵᠤ ᠤᠶᠤᠭᠰᠠᠨ | ᠲᠠᠩᠭᠤᠳ ᠬᠤᠨᠢᠨ ᠤ ᠨᠤᠤᠰᠤ ᠪᠠᠷ ᠬᠢᠭᠰᠡᠨ | ᠲᠠᠪᠤᠨ ᠦᠩᠬᠡ ᠪᠠᠷ ᠰᠢᠷᠳᠡᠵᠦ ᠪᠤᠳᠤᠭᠰᠠᠨ | ᠲᠡᠭᠡᠳᠦ ᠵᠤᠴᠢᠨ ᠢ ᠵᠠᠯᠠᠵᠤ ᠰᠠᠭᠤᠯᠭᠠᠬᠤ | ᠲᠡᠪᠢᠰᠭᠡᠷ ᠤᠯᠪᠤᠭ ᠲᠦᠰᠢᠯᠬᠡ ᠤᠷᠤ ᠶᠢ ᠴᠢᠨᠢ ᠮᠢᠯᠢᠶᠠᠶ᠎ᠠ | ᠽᠠᠨᠳᠠᠨ ᠮᠤᠳᠤ ᠶᠢ ᠵᠠᠰᠠᠵᠤ ᠬᠢᠭᠰᠡᠨ | ᠵᠠᠯᠠᠭᠤ ᠲᠠᠷᠬᠠᠨ ᠤᠷᠠᠯᠠᠵᠤ ᠦᠢᠯᠡᠳᠦᠭᠰᠡᠨ | ᠵᠢᠭᠠᠷᠳᠤ ᠪᠤᠳᠤᠭ ᠢᠶᠠᠷ ᠦᠩᠬᠡᠯᠡᠵᠦ ᠴᠢᠮᠡᠭᠰᠡᠨ | ᠨᠠᠷᠠᠰᠤᠨ ᠮᠤᠳᠤ ᠪᠠᠷ ᠨᠠᠭᠠᠵᠤ ᠬᠢᠭᠰᠡᠨ | ᠨᠢᠮᠪᠠᠢ ᠤᠷᠠᠴᠤᠳ ᠵᠦᠰᠦᠵᠦ ᠬᠢᠭᠰᠡᠨ | ᠨᠠᠩᠬᠢ ᠪᠤᠳᠤᠭ ᠢᠶᠠᠷ ᠰᠢᠷᠳᠡᠵᠦ ᠪᠤᠳᠤᠭᠰᠠᠨ | ᠬᠠᠶᠢᠯᠠᠰᠤᠨ ᠮᠤᠳᠤ ᠶᠢ ᠬᠠᠷᠤᠭᠤᠯᠳᠠᠵᠤ ᠬᠢᠭᠰᠡᠨ | ᠬᠠᠩᠬᠢ ᠰᠠᠶᠢᠬᠠᠨ ᠲᠤᠬᠢᠷᠠᠭᠤᠯᠵᠤ ᠵᠦᠢᠭᠰᠡᠨ | ᠬᠠᠶᠢᠯᠤᠮᠠᠯ ᠲᠤᠰᠤ ᠪᠠᠷ ᠴᠠᠷᠳᠠᠵᠤ ᠪᠤᠳᠤᠭᠰᠠᠨ | ᠠᠯᠳᠠ ᠮᠦᠩᠬᠦᠨ ᠤ ᠠᠪᠳᠠᠷ᠎ᠠ | ᠠᠶᠠᠭ᠎ᠠ ᠰᠠᠪᠬᠠᠨ ᠤ ᠲᠠᠯᠪᠢᠭᠤᠷ | ᠭᠤᠳᠤᠯ ᠱᠠᠬᠠᠢ ᠶᠢᠨ ᠲᠠᠪᠰᠠᠭ | ᠭᠤᠯᠢᠷ ᠪᠤᠳᠠᠭᠠᠨ ᠤ ᠭᠤᠯᠳᠤ | ᠬᠤᠪᠴᠠᠰᠤ ᠬᠤᠨᠠᠷ ᠤᠨ ᠬᠤᠷᠭᠤ | ᠬᠤᠷᠤᠭᠤᠪᠴᠢ ᠵᠡᠬᠦᠦ ᠶᠢᠨ ᠰᠢᠷᠭᠤᠭᠤᠯ ᠶᠢ ᠴᠢᠨᠢ ᠮᠢᠯᠢᠶᠠᠶ᠎ᠠ | ᠰᠠᠭᠠᠯᠢ ᠰᠦᠨ ᠤ ᠰᠠᠭᠤᠯᠠᠭ᠎ᠠ | ᠰᠠᠷᠬᠤᠳ ᠠᠷᠢᠬᠢᠨ ᠤ ᠪᠤᠳᠤᠩ | ᠬᠠᠯᠠᠭᠤᠨ ᠤᠰᠤᠨ ᠤ ᠲᠦᠮᠪᠦ | ᠬᠠᠷ᠎ᠠ ᠴᠠᠢ ᠶᠢᠨ ᠸᠠᠭᠠᠷ | ᠵᠢᠩ ᠳ᠋ᠧ ᠭᠠᠵᠠᠷ ᠤᠨ ᠱᠠᠭᠠᠵᠠᠩ | ᠵᠢᠮᠢᠰ ᠤᠨ ᠬᠤᠸᠠᠷᠳᠠᠢ ᠫᠢᠯᠠ | ᠽᠠᠨᠳᠠᠨ ᠠᠶᠠᠭ᠎ᠠ ᠮᠦᠩᠬᠦᠨ ᠬᠤᠨᠳᠠᠭ᠎ᠠ | ᠵᠦᠢᠯ ᠪᠦᠷᠢ ᠶᠢᠨ ᠭᠡᠷᠡᠭᠰᠡᠯ ᠢ ᠴᠢᠨᠢ ᠮᠢᠯᠢᠶᠠᠶ᠎ᠠ | ᠬᠠᠶᠢᠯᠠᠰᠤᠨ ᠮᠤᠳᠤ ᠶᠢ ᠬᠠᠭᠠᠯᠤᠯ ᠦᠬᠡᠢ ᠠᠪᠴᠤ | ᠬᠠᠷᠢ ᠶᠢᠨ ᠮᠤᠳᠤᠴᠢᠨ ᠬᠠᠯᠠᠰᠢᠷᠠᠯ ᠦᠬᠡᠢ ᠤᠬᠤᠵᠤ | ᠭᠠᠩ ᠪᠤᠯᠤᠳ ᠢ ᠬᠠᠳᠠᠭᠠᠵᠤ ᠲᠠᠪᠳᠠᠨ | ᠭᠠᠴᠤᠷ᠎ᠠ ᠮᠤᠳᠤ ᠪᠠᠷ ᠡᠰᠢ ᠬᠢᠭᠰᠡᠨ | ᠤᠭᠤᠷ ᠰᠦᠬᠡ ᠶᠢ ᠴᠢᠨᠢ ᠮᠢᠯᠢᠶᠠᠶ᠎ᠠ | ᠮᠠᠩᠬᠠᠨ ᠤ ᠪᠤᠷᠭᠠᠰᠤ ᠶᠢ ᠮᠠᠳᠠᠵᠤ | ᠮᠠᠯ ᠤᠨ ᠰᠢᠷᠢ ᠪᠠᠷ ᠦᠳᠡᠵᠦ | ᠬᠤᠰᠤ ᠮᠤᠳᠤ ᠶᠢ ᠵᠦᠰᠦᠵᠦ | ᠬᠤᠷᠴᠠ ᠬᠢᠳᠤᠭ᠎ᠠ ᠪᠠᠷ ᠵᠤᠷᠭᠤᠵᠤ ᠬᠢᠭᠰᠡᠨ | ᠠᠷᠤᠭ ᠱᠡᠵᠢᠭᠡᠢ ᠰᠠᠪᠠᠷ ᠢ ᠴᠢᠨᠢ ᠮᠢᠯᠢᠶᠠᠶ᠎ᠠ᠃ | ᠵᠠ᠂ ᠬᠡᠭᠡᠨᠴᠢᠷ ᠵᠠᠯᠠᠭᠤ ᠭᠤᠸ᠎ᠠ ᠦᠬᠢᠨ ᠤ ᠮᠢᠨᠢ | ᠭᠡᠷᠯᠡᠬᠦ ᠡᠨᠡ ᠰᠢᠨ᠎ᠡ ᠦᠷᠬᠦᠬᠡ ᠪᠤᠯ | ᠭᠡᠭᠡᠨ ᠭᠡᠷᠡᠯ ᠰᠠᠴᠤᠷᠠᠭᠰᠠᠨ ᠦᠷᠬᠦᠭᠡ | ᠭᠡᠷᠡᠭᠰᠡᠯ ᠪᠦᠬᠦᠨ ᠪᠦᠷᠢᠳᠦᠭᠰᠡᠨ ᠦᠷᠬᠦᠬᠡ | ᠭᠡᠰᠢᠭ ᠪᠤᠶᠠᠨ ᠠᠷᠪᠢᠵᠢᠭᠰᠠᠨ ᠦᠷᠬᠦᠬᠡ | ᠦᠨᠢᠷ ᠡᠬᠦᠷᠢᠳᠡ ᠵᠢᠷᠭᠠᠬᠤ ᠦᠷᠬᠦᠭᠡ | ᠦᠨᠢᠷ ᠪᠠᠶᠠᠯᠢᠭ ᠠᠮᠢᠳᠤᠷᠠᠬᠤ ᠦᠷᠬᠦᠭᠡ | ᠦᠯᠵᠡᠢ ᠬᠤᠳᠤᠭ ᠤᠷᠤᠰᠢᠭᠰᠠᠨ ᠦᠷᠦᠭᠡ ᠃ | ᠡᠷᠬᠢᠮ ᠬᠦᠨᠳᠦᠳᠦ ᠵᠤᠴᠢᠳ | ᠡᠩᠬᠦᠷᠡᠢ ᠬᠠᠶᠢᠷᠠᠳᠤ ᠠᠪᠤ ᠡᠵᠢ | ᠡᠯᠢᠬᠡᠨ ᠰᠠᠳᠤᠨ ᠠᠬᠠᠨ ᠲᠡᠬᠦᠦᠰ ᠨᠢ | ᠡᠨᠡ ᠮᠡᠳᠦ ᠢᠷᠦᠬᠡᠨ ᠪᠡᠯᠭᠡᠳᠡᠭᠰᠡᠨ ᠢᠶᠠᠷ | ᠬᠡᠰᠢᠭ ᠪᠤᠶᠠᠨ ᠴᠢᠨᠢ | ᠲᠤᠷᠤᠨ᠎ᠠ ᠲᠠᠯᠠᠢ ᠶᠢᠨ ᠶᠡᠬᠦᠯᠡᠰᠢ ᠦᠬᠡᠢ ᠤᠰᠤᠨ ᠮᠡᠳᠦ ᠵᠤᠵᠠᠭᠠᠨ ᠪᠤᠯᠳᠤᠭᠠᠢ | ᠬᠡᠶᠢᠮᠤᠷᠢ ᠰᠦᠯᠳᠡ ᠴᠢᠨᠢ | ᠪᠤᠳᠠᠯᠠᠩ ᠠᠭᠤᠯᠠ ᠶᠢᠨ ᠦᠳᠡᠯᠦᠰᠢ ᠦᠬᠡᠢ ᠨᠠᠷᠠᠰᠤ ᠮᠡᠳᠦ ᠮᠦᠩᠬᠡ ᠪᠤᠯᠳᠤᠭᠠᠢ | ᠬᠠᠶᠢᠷ᠎ᠠ ᠰᠡᠳᠬᠢᠯ ᠴᠢᠨᠢ | ᠭᠠᠯᠪᠠᠷᠢᠳᠠᠰᠤᠨ ᠮᠤᠳᠤᠨ ᠤ ᠪᠤᠳᠠᠷᠠᠰᠢ ᠦᠬᠡᠢ ᠦᠨᠳᠦᠰᠦ ᠮᠡᠳᠦ ᠪᠠᠳᠤ ᠪᠤᠯᠳᠤᠭᠠᠢ᠃ | ᠠᠪᠤ ᠡᠵᠢ ᠪᠠᠨ ᠠᠴᠢᠯᠠᠵᠤ | ᠠᠴᠢᠷ ᠦᠷ᠎ᠡ ᠪᠠᠨ ᠰᠤᠷᠭᠠᠵᠤ | ᠠᠬ᠎ᠠ ᠲᠡᠬᠦᠦ ᠰᠠᠳᠤᠨ ᠲᠠᠢ ᠪᠠᠨ ᠪᠦᠯᠬᠦᠮᠳᠡᠵᠦ | ᠠᠶᠢᠯ ᠰᠠᠭᠠᠬᠠᠯᠳᠠ ᠲᠠᠢ ᠪᠠᠨ ᠨᠢᠬᠳᠠᠷᠠᠵᠤ | ᠦᠨᠳᠦᠷ ᠭᠠᠵᠠᠷ ᠲᠤ ᠦᠷᠬᠦᠭᠡ ᠪᠠᠨ ᠪᠠᠷᠢᠵᠤ | ᠦᠷᠭᠡᠨ ᠲᠠᠯ᠎ᠠ ᠳᠤ ᠵᠡᠯ᠎ᠡ ᠪᠠᠨ ᠲᠠᠳᠠᠵᠤ | ᠦᠳᠭᠡᠨ ᠰᠦᠷᠦᠭ ᠢᠶᠠᠷ ᠢᠶᠠᠨ ᠲᠠᠯ᠎ᠠ ᠶᠢ ᠪᠦᠷᠬᠦᠬᠦᠯᠵᠦ | ᠦᠯᠵᠡᠶᠢᠳᠦ ᠠᠮᠢᠳᠤᠷᠠᠯ ᠢᠶᠠᠨ ᠦᠨᠢᠳᠡ ᠪᠠᠳᠤᠳᠬᠠᠵᠤ ᠶᠠᠪᠤᠭᠳᠤᠨ᠃ | ᠡᠨᠡ ᠰᠠᠶᠢᠬᠠᠨ ᠮᠠᠭᠳᠠᠭᠠᠯ ᠢᠷᠦᠭᠡᠯ | ᠦᠶ᠎ᠡ ᠶᠢᠨ ᠦᠶ᠎ᠡ ᠳᠤ ᠴᠢᠨᠢ ᠤᠷᠤᠰᠢᠨ ᠰᠢᠩᠭᠡᠵᠦ | ᠦᠯᠵᠡᠢ ᠵᠢᠷᠭᠠᠯᠳᠤ ᠭᠡᠷ ᠪᠦᠯᠢ ᠴᠢᠨᠢ | ᠦᠨᠢ ᠡᠬᠦᠷᠢᠳᠡ ᠦᠭᠡᠳᠡᠯᠡᠨ ᠲᠡᠭᠵᠢᠷᠡᠳᠦᠬᠡᠢ︕ | ᠰᠢᠨ᠎ᠡ ᠪᠡᠷᠢ ᠶᠢ ᠭᠡᠷᠯᠡᠬᠦ ᠭᠡᠷ ᠲᠤ ᠪᠠᠭᠤᠯᠭᠠᠬᠤ ᠦᠶᠡᠰ ᠪᠠᠰᠠ ᠡᠬᠦᠳᠡ ᠪᠠᠨ ᠲᠠᠷᠤᠭᠠᠳ ᠤᠷᠤᠭᠤᠯᠬᠤ ᠦᠬᠡᠢ᠂ | ᠬᠤᠶᠠᠷ ᠡᠳᠡᠭᠡᠳ ᠤᠨ ᠬᠡᠯᠡᠮᠦᠷᠴᠢ ᠠᠴᠠ ᠵᠦᠢ ᠶᠤᠰᠤ ᠶᠢ ᠬᠡᠯᠡᠯᠴᠡᠨ ᠮᠠᠷᠭᠤᠳᠠᠭ ᠶᠤᠰᠤᠨ ᠪᠠᠶᠢᠨ᠎ᠠ ᠂ | ᠲᠤᠬᠠᠶᠢᠯᠠᠪᠠᠯ ᠄ | ︽ᠤᠳᠤᠭ᠎ᠠ ᠵᠢᠩᠰᠡ ᠪᠠᠨ ᠵᠡᠬᠦᠭᠰᠡᠨ | ᠤᠯᠤᠩᠳᠠᠢ ᠬᠦᠷᠮ᠎ᠡ ᠪᠠᠨ ᠡᠮᠦᠰᠦᠭᠰᠡᠨ | ᠠᠯᠪᠠᠨ ᠤ ᠰᠠᠶᠢᠳ ᠤᠨ ᠲᠦᠷᠢ ᠲᠠᠢ | ᠠᠨᠳᠠ ᠰᠠᠯᠳᠠ ᠪᠠᠷ ᠤᠯᠠᠨ ᠲᠠᠢ | ᠠᠴᠢᠶ᠎ᠠ ᠬᠦᠰᠭᠡ ᠪᠠᠨ ᠬᠦᠳᠦᠯᠦᠭᠰᠡᠨ | ᠠᠪᠠᠭᠠᠢ ᠡᠬᠡᠨᠡᠷ ᠢᠶᠠᠨ ᠲᠠᠭᠠᠭᠤᠯᠤᠭᠰᠠᠨ | ᠠᠯᠤᠰ ᠬᠤᠯᠠ ᠶᠢᠨ ᠵᠠᠮᠴᠢᠨ ᠤᠤ︖ | ᠠᠶᠢᠯ ᠬᠡᠰᠦᠵᠦ ᠶᠠᠪᠤᠭ᠎ᠠ ᠤᠤ︖ ︾ | ︽ᠲᠦᠷᠦ ᠶᠤᠰᠤᠨ ᠤ ᠡᠬᠦᠳᠦᠯ ᠢᠶᠠᠷ | ᠲᠦᠮᠡᠨ ᠤᠯᠠᠨ ᠤ ᠵᠢᠷᠤᠮ ᠢᠶᠠᠷ | ᠲᠦᠷᠦᠭᠰᠡᠨ ᠨᠤᠳᠤᠭ ᠠᠴᠠ ᠪᠠᠨ ᠮᠤᠷᠳᠠᠵᠤ | ᠲᠡᠬᠦᠰ ᠰᠠᠶᠢᠬᠠᠨ ᠪᠡᠯᠡᠳᠭᠡᠯ ᠲᠠᠢ | ᠲᠦᠪᠰᠢᠨ ᠰᠠᠶᠢᠬᠠᠨ ᠶᠠᠪᠤᠵᠤ ᠢᠷᠡᠯ᠎ᠡ | ᠠᠭᠤᠯᠠ ᠶᠢᠨ ᠴᠢᠨᠠᠳᠤ | ᠤᠰᠤᠨ ᠤ ᠤᠷᠳᠤ ᠠᠴᠠ | ᠬᠤᠯᠠ ᠵᠠᠮ ᠳᠤ ᠶᠠᠪᠤᠭᠰᠠᠨ ᠴᠤ | ᠬᠤᠨᠤᠭ ᠭᠤᠶᠤᠵᠤ ᠶᠠᠪᠤᠭ᠎ᠠ ᠪᠢᠰᠢ | ᠠᠪᠠᠭᠠᠢ ᠬᠡᠦᠭᠡᠳ ᠢᠶᠠᠨ ᠲᠠᠭᠠᠭᠤᠯᠵᠤ | ᠠᠶᠢᠯ ᠬᠡᠰᠦᠵᠦ ᠶᠠᠪᠤᠭ᠎ᠠ ᠪᠤᠰᠤ ︾ | ᠲᠦᠷᠰᠦ ᠪᠠᠶᠢᠳᠠᠯ ᠢ ᠨᠢ ᠰᠢᠨᠵᠢᠪᠡᠯ | ᠲᠦᠰᠢᠮᠡᠳ ᠬᠠᠪᠠᠨ ᠤ ᠰᠢᠨᠵᠢ ᠲᠠᠢ | ᠲᠦᠷᠦ ᠶᠤᠰᠤ ᠪᠠᠷ ᠶᠠᠪᠤᠵᠤ ᠪᠠᠶᠢᠨ᠎ᠠ ᠭᠡᠳᠡᠯ᠎ᠡ | ᠲᠦᠷᠢᠮᠡᠬᠡᠢ ᠵᠠᠩ ᠤᠪᠤᠷ ᠲᠠᠢ | ᠡᠵᠡᠳ ᠬᠠᠭᠠᠳ ᠤᠨ ᠡᠯᠴᠢ ᠲᠦᠰᠢᠮᠡᠳ ᠴᠤ | ᠡᠬᠦᠳᠡ ᠲᠠᠷᠤᠵᠤ ᠪᠠᠭᠤᠳᠠᠭ ᠦᠬᠡᠢ | ᠬᠠᠭᠠᠨ ᠡᠵᠡᠨ ᠤ ᠰᠠᠶᠢᠳ ᠴᠤ | ᠬᠠᠭᠠᠯᠭ᠎ᠠ ᠲᠠᠷᠤᠵᠤ ᠪᠠᠭᠤᠳᠠᠭ ᠦᠬᠡᠢ | ᠬᠠᠨ ᠭᠠᠷᠤᠳᠢ ᠶᠢᠨ ᠵᠤᠯᠵᠠᠭ᠎ᠠ ᠴᠤ | ᠬᠠᠭᠠᠯᠭ᠎ᠠ ᠬᠠᠯᠢᠨ ᠨᠢᠰᠳᠡᠭ ᠦᠬᠡᠢ ᠪᠠᠶᠢᠳᠠᠯ᠎ᠠ | ᠬᠠᠮᠢᠭ᠎ᠠ ᠭᠠᠵᠠᠷ ᠤᠨ ᠶᠤᠰᠤ ᠪᠠᠷ | ᠬᠠᠳᠠᠪᠴᠢ ᠶᠢᠨ ᠡᠮᠦᠨ᠎ᠡ ᠪᠠᠭᠤᠳᠠᠭ ᠪᠤᠢ︖︾ | ᠲᠦᠷᠦ ᠶᠢᠨ ᠶᠤᠰᠤᠨ ᠤ ᠲᠦᠷᠢᠮ ᠢᠶᠠᠷ | ᠲᠦᠮᠡᠨ ᠤᠯᠠᠨ ᠤ ᠵᠠᠩᠰᠢᠯ ᠢᠶᠠᠷ | ᠲᠡᠷᠢᠬᠦᠯᠡᠭᠰᠡᠨ ᠶᠡᠭᠡ ᠬᠤᠳᠠ ᠲᠠᠢ | ᠲᠡᠬᠦᠰ ᠪᠦᠷᠢᠨ ᠨᠦᠬᠦᠷ ᠰᠠᠯᠳᠠ ᠲᠠᠢ ᠪᠠᠷ | ᠬᠤᠯᠠ ᠶᠢ ᠨᠢ ᠤᠶᠢᠷᠠᠳᠤᠭᠤᠯᠵᠤ | ᠬᠤᠯᠪᠤᠭ᠎ᠠ ᠵᠠᠶᠠᠭ᠎ᠠ ᠪᠠᠷᠢᠯᠳᠤᠭᠤᠯᠬᠤ ᠪᠠᠷ | ᠵᠦᠢ ᠵᠢᠷᠤᠮ ᠲᠠᠢ ᠶᠤᠰᠤ ᠪᠠᠷ | ᠵᠦᠭᠯᠡᠵᠦ ᠢᠷᠡᠭᠰᠡᠨ ᠨᠢ ᠡᠨᠡ ᠪᠢᠯᠡ︾ | ︽ᠲᠦᠷᠦᠯᠬᠢ ᠤᠭᠰᠠᠭ᠎ᠠ ᠴᠢᠨᠢ ᠠᠯᠢ ᠪᠤᠢ | ᠲᠦᠷᠦᠭᠰᠡᠨ ᠨᠤᠳᠤᠭ ᠴᠢᠨᠢ ᠬᠠᠮᠢᠭ᠎ᠠ ᠪᠤᠢ | ᠲᠦᠷᠦᠬᠦᠯᠡᠭᠴᠢ ᠲᠠᠭᠠᠭᠠᠮᠠᠯ ᠨᠢ ᠬᠡᠨ ᠪᠤᠢ | ᠲᠡᠬᠦᠨ ᠤ ᠵᠤᠷᠢᠯᠭ᠎ᠠ ᠨᠢ ᠶᠠᠭᠤ ᠪᠤᠢ | ᠤᠳᠠᠢ ᠪᠡᠭᠡᠵᠢᠩ ᠳᠤ ᠶᠠᠪᠤᠬᠤ ᠪᠤᠯ | ᠤᠷᠳᠤᠬᠢ ᠵᠠᠮ ᠢᠶᠠᠷ ᠶᠠᠪᠤᠭᠠᠷᠠᠢ | ᠠᠨᠳᠤᠤ ᠭᠡᠶᠢᠳ ᠲᠤ ᠮᠦᠷᠬᠦᠬᠦ ᠪᠤᠯ | ᠠᠰᠬᠠᠨ ᠵᠠᠮ ᠵᠢᠭᠠᠵᠤ ᠦᠭᠬᠦᠶ᠎ᠡ | ᠮᠠᠨ ᠤ ᠬᠢ ᠶᠢ ᠵᠤᠷᠢᠵᠤ ᠢᠷᠡᠭᠰᠡᠨ ᠪᠤᠯ | ᠮᠠᠶᠢᠬᠠᠨ ᠳᠤ ᠤᠷᠤᠵᠤ ᠰᠠᠭᠤᠭᠠᠷᠠᠢ︾ | ︽ ᠴᠢᠩᠬᠢᠰ ᠪᠤᠭᠳᠠ ᠶᠢᠨ ᠦᠷᠡᠰ ᠶᠤᠮ ᠡ | ᠴᠠᠬᠠᠷ ᠯᠢᠭᠳᠡᠨ ᠤ ᠬᠤᠶᠢᠴᠢᠰ ᠪᠢᠯᠡ | ᠡᠩᠬᠡ ᠠᠮᠤᠭᠤᠯᠠᠩ ᠤᠨ ᠦᠶ᠎ᠡ ᠳᠤ | ᠡᠵᠡᠨ ᠤ ᠰᠦᠷᠦᠭ ᠮᠠᠯᠵᠢᠬᠤ ᠭᠡᠳ | ᠡᠬᠡ ᠨᠤᠳᠤᠭ ᠴᠠᠬᠠᠷ ᠨᠠᠢᠮᠠᠨ ᠬᠤᠰᠢᠭᠤᠨ ᠠᠴᠠ | ᠡᠨᠡ ᠨᠤᠳᠤᠭ ᠲᠤ ᠠᠪᠴᠢᠷᠠᠭᠰᠠᠨ ᠪᠠᠶᠢᠭ᠎ᠠ | ᠤᠷᠳᠤ ᠴᠠᠭᠠᠨ ᠭᠡᠷᠡᠮ ᠤᠨ ᠭᠠᠳᠠᠨ᠎ᠠ | ᠠᠭᠤᠳᠠᠮ ᠦᠷᠭᠡᠨ ᠲᠠᠯ᠎ᠠ ᠨᠤᠳᠤᠭ ᠲᠠᠢ | ᠲᠡᠪᠳᠡᠭᠡᠷ ᠬᠠᠶᠢᠷᠬᠠᠨ ᠠᠴᠠ ᠵᠡᠬᠦᠨᠰᠢ | ᠲᠡᠯᠳᠦ ᠨᠢᠷᠤᠭᠤ ᠠᠴᠠ ᠪᠠᠷᠠᠭᠤᠨᠰᠢ | ᠬᠦᠨᠵᠢᠯᠳᠦ ᠬᠠᠩᠭᠠᠢ ᠠᠴᠠ ᠡᠮᠦᠨᠡᠰᠢ | ᠬᠦᠨᠳᠡᠯᠡᠨ ᠪᠤᠭᠳᠠ ᠶᠢᠨ ᠰᠤᠭᠤ ᠨᠤᠭᠤᠳ ᠢᠶᠠᠷ | ᠤᠷᠳᠤ ᠰᠠᠶᠢᠬᠠᠨ ᠰᠢᠯᠢ ᠨᠢᠷᠤᠭᠤ ᠲᠠᠢ | ᠤᠯᠠᠨ ᠰᠠᠶᠢᠬᠠᠨ ᠨᠠᠭᠤᠷ ᠤᠰᠤ ᠲᠠᠢ | ᠤᠨᠴᠠ ᠰᠠᠶᠢᠬᠠᠨ ᠡᠪᠡᠰᠦ ᠪᠡᠯᠴᠢᠭᠡᠷ ᠲᠠᠢ | ᠠᠭᠤᠳᠠᠮ ᠰᠠᠶᠢᠬᠠᠨ ᠨᠤᠳᠤᠭ ᠮᠢᠨᠢ ᠪᠤᠢ | ᠬᠦᠳᠡᠭᠡ ᠲᠦᠬᠦᠷᠡᠩ ᠪᠡᠯᠴᠢᠬᠦ | ᠬᠦᠪᠦᠩ ᠴᠠᠭᠠᠨ ᠬᠤᠨᠢ ᠲᠠᠢ | ᠬᠦᠨᠳᠡᠢ ᠪᠢᠯᠬᠠᠮ᠎ᠠ ᠢᠳᠡᠰᠢᠯᠡᠬᠦ | ᠬᠤᠩᠭᠤᠷ ᠠᠳᠤᠭᠤᠨ ᠰᠦᠷᠦᠭ ᠲᠠᠢ | ᠬᠦᠨᠳᠡᠯᠡᠨ ᠠᠭᠤᠯᠠ ᠶᠢᠨ ᠡᠩᠬᠡᠷ ᠲᠤ | ᠬᠦᠢᠰᠦᠳᠦ ᠨᠠᠭᠤᠷ ᠤᠨ ᠬᠦᠪᠡᠭᠡ ᠳᠤ | ᠬᠦᠬᠦᠳᠡᠢ ᠬᠠᠷ᠎ᠠ ᠨᠢᠳᠦᠨ ᠪᠤᠯᠠᠭ ᠲᠤ ᠪᠠᠶᠢᠨ᠎ᠠ | ᠤᠳᠠᠢ ᠪᠡᠭᠡᠵᠢᠩ ᠳᠤ ᠶᠠᠪᠤᠬᠤ ᠶᠤᠮ ᠪᠤᠯ | ᠠᠨᠳᠤᠤ ᠭᠡᠶᠢᠳ ᠲᠤ ᠮᠦᠷᠬᠦᠬᠦ ᠶᠤᠮ ᠪᠤᠯ | ᠤᠷᠤᠭᠰᠢ ᠵᠠᠮ ᠢᠶᠠᠨ ᠬᠦᠬᠡᠬᠡᠨ᠎ᠡ ᠰᠢᠦ | ᠠᠶᠢᠯ ᠤᠨ ᠡᠬᠦᠳᠡᠨ ᠳᠤ ᠢᠷᠡᠬᠦ ᠦᠬᠡᠢ ᠶᠤᠮ ᠡ | ᠲᠦᠷᠦᠬᠦᠦ ᠲᠠᠭᠠᠭᠠᠮᠠᠯ ᠬᠡᠨ ᠪᠤᠢ ᠬᠡᠪᠡᠯ | ᠲᠦᠮᠡᠨ ᠤᠯᠠᠨ ᠢᠶᠠᠷ ᠢᠶᠠᠨ ᠲᠠᠨᠢᠬᠤ ᠪᠢᠯᠡ | ᠪᠡᠭᠡᠵᠢᠩ ᠵᠤᠷᠭᠠᠨ ᠶᠠᠮᠤᠨ ᠤ | ᠪᠢᠴᠢᠭ ᠲᠠᠩᠰᠠ ᠶᠢ ᠬᠠᠮᠢᠶᠠᠷᠤᠭᠴᠢ | ᠠᠷᠤ ᠶᠢᠨ ᠬᠤᠰᠢᠭᠤᠨ ᠳᠠᠭᠠᠨ ᠠᠯᠳᠠᠷ ᠲᠠᠢ | ᠠᠳᠤᠭᠤᠨ ᠰᠦᠷᠦᠭ ᠤᠨ×× ᠪᠠᠶᠢᠨ᠎ᠠ | ᠵᠤᠷᠢᠵᠤ ᠶᠠᠪᠤᠭ᠎ᠠ ᠶᠠᠭᠤ ᠪᠤᠢ ᠬᠡᠪᠡᠯ | ᠵᠢᠷᠭᠠᠯ ᠪᠠᠶᠠᠷ ᠤᠨ ᠤᠴᠢᠷ ᠯᠠ ᠪᠠᠶᠢᠨ᠎ᠠ | ᠬᠦᠪᠡᠭᠡᠳᠦ ᠰᠢᠷ᠎ᠠ ᠬᠤᠰᠢᠭᠤᠨ ᠤ | ᠬᠦᠷᠦᠩᠬᠡ ᠲᠠᠢ ᠮᠠᠯᠴᠢᠨ ×× ᠤᠨ | ᠬᠠᠶᠢᠷᠠᠳᠤ ᠦᠬᠢᠨ ×× ᠢ | ᠬᠠᠳᠠᠮ ᠳᠤᠨᠢ ᠬᠦᠷᠭᠡᠵᠦ ᠢᠷᠡᠭᠡ ᠪᠢᠯᠡ | ᠤᠷᠤᠭ ᠲᠦᠷᠦᠯ ᠪᠠᠷᠢᠯᠳᠤᠬᠤ ᠬᠡᠮᠡᠨ | ᠠᠳᠡ ᠬᠦᠷᠴᠦ ᠢᠷᠡᠭᠰᠡᠨ ᠪᠠᠶᠢᠬᠤ ᠳᠤ | ᠡᠬᠦᠳᠡ ᠬᠠᠭᠠᠯᠭ᠎ᠠ ᠪᠠᠨ ᠲᠠᠷᠤᠭᠠᠳ | ᠤᠷᠤᠭᠤᠯᠳᠠᠭ ᠦᠬᠡᠢ ᠤᠴᠢᠷ ᠶᠠᠭᠤ ᠪᠤᠢ ︾ | ︽ᠡᠷᠳᠡ ᠤᠷᠢᠳᠤ ᠶᠢᠨ ᠴᠠᠭ ᠲᠤ | ᠡᠪᠦᠭᠡ ᠲᠡᠭᠡᠳᠦᠰ ᠤᠨ ᠦᠶ᠎ᠡ ᠠᠴᠠ | ᠦᠷ᠎ᠡ ᠬᠡᠦᠭᠡᠳ ᠲᠡᠭᠡᠨ ᠪᠡᠷᠢ ᠪᠠᠭᠤᠯᠭᠠᠬᠤ ᠳᠤ | ᠡᠬᠦᠳᠡ ᠪᠤᠱᠤᠭ᠎ᠠ ᠪᠠᠨ ᠲᠠᠷᠤᠳᠠᠭ ᠶᠤᠮ | ᠤᠨᠤᠭ᠎ᠠ ᠬᠦᠰᠭᠡ ᠠᠴᠠ ᠪᠠᠭᠤᠮᠠᠭᠴᠠ | ᠤᠭᠳᠤᠨ ᠵᠠᠯᠠᠵᠤ ᠤᠷᠤᠭᠤᠯᠳᠠᠭ ᠦᠬᠡᠢ | ᠠᠰᠠᠭᠤᠵᠤ ᠯᠠᠪᠯᠠᠵᠤ ᠪᠠᠶᠢᠭᠠᠳ | ᠤᠴᠢᠷ ᠤᠬᠠᠭᠠᠨ ᠢ ᠨᠢ ᠤᠯᠳᠠᠭ ᠶᠤᠮ | ᠤᠯᠤᠰ ᠬᠦᠷᠦᠨ ᠳᠤ ᠴᠤᠯᠠ ᠲᠠᠢ | ᠤᠭᠰᠠᠭ᠎ᠠ ᠠᠶᠢᠮᠠᠭ ᠲᠠᠭᠠᠨ ᠨᠡᠷ᠎ᠡ ᠲᠠᠢ | ᠤᠬᠠᠭᠠᠨ ᠲᠠᠢ ᠮᠡᠷᠭᠡᠨ ᠬᠦᠮᠦᠨ ᠪᠠᠶᠢᠭᠠᠳ | ᠤᠬᠠᠵᠤ ᠪᠠᠰᠠ ᠮᠡᠳᠡᠭᠰᠡᠨ ᠦᠬᠡᠢ ᠬᠡᠵᠢ ᠤᠤ︾ | ︽ ᠪᠦᠬᠦᠳᠡ ᠮᠤᠩᠭᠤᠯ ᠤᠨ ᠵᠠᠩᠰᠢᠯ ᠢᠶᠠᠷ | ᠪᠤᠭᠳᠤᠯᠵᠤ ᠪᠠᠷᠢ ᠪᠠᠭᠤᠯᠭᠠᠬᠤ ᠳᠤ | ᠴᠢᠨᠳᠠᠭ᠎ᠠ ᠴᠠᠭᠠᠨ ᠢᠰᠡᠭᠡᠢ ᠪᠠᠨ | ᠴᠠᠶᠢᠯᠵᠠᠳᠠᠯᠠ ᠰᠠᠶᠢᠬᠠᠨ ᠲᠡᠪᠢᠰᠦᠭᠡᠳ | ᠴᠡᠪᠡᠷ ᠭᠤᠸᠠᠯᠢᠭ ᠪᠡᠷᠢ ᠪᠠᠨ | ᠲᠡᠬᠦᠨ ᠤ ᠲᠡᠭᠡᠬᠦᠷ ᠠᠯᠬᠤᠭᠤᠯᠵᠤ | ᠪᠠᠶᠠᠷ ᠵᠢᠷᠭᠠᠯ ᠤᠨ ᠵᠠᠮ ᠬᠡᠮᠡᠨ | ᠪᠠᠭ᠋ᠠᠳᠤᠨ ᠪᠡᠯᠬᠡᠯᠡᠵᠦ ᠢᠷᠦᠭᠡᠳᠡᠭ ᠪᠢᠯᠡ | ᠤᠨᠢ ᠮᠤᠳᠤ ᠪᠠᠷ ᠡᠬᠦᠳᠡ ᠪᠠᠨ ᠲᠠᠷᠤᠭᠠᠳ | ᠤᠷᠠᠨ ᠬᠤᠩᠰᠢᠶᠠᠷ ᠢᠶᠠᠨ ᠪᠠᠭ᠋ᠠᠨ ᠬᠦᠳᠡᠯᠬᠡᠬᠦ ᠨᠢ | ᠤᠷᠢᠳᠤ ᠶᠢᠨ ᠶᠤᠰᠤᠨ ᠳᠤ ᠨᠡᠶᠢᠴᠡᠬᠦ ᠦᠬᠡᠢ | ᠤᠷᠤᠭ ᠤᠨ ᠵᠦᠢ ᠳᠤ ᠴᠤ ᠡᠪ ᠦᠬᠡᠢ ᠪᠢᠰᠢᠦ︾ | ᠰᠤᠳᠤ ᠪᠤᠭᠳᠠ ᠴᠢᠩᠬᠢᠰ ᠬᠠᠭᠠᠨ | ᠰᠡᠴᠡᠨ ᠬᠠᠳᠤᠨ ᠢᠶᠠᠨ ᠪᠠᠭᠤᠯᠭᠠᠬᠤ ᠳᠤ | ᠡᠷᠳᠡᠮ ᠲᠡᠬᠦᠰ ᠬᠤᠶᠠᠷ ᠲᠦᠰᠢᠮᠡᠯ ᠢᠶᠠᠨ | ᠡᠬᠦᠳᠡᠨ ᠭᠠᠳᠠᠨ᠎ᠠ ᠪᠠᠨ ᠵᠤᠭᠰᠤᠭᠠᠵᠤ | ᠡᠩᠬᠡ ᠶᠢᠨ ᠪᠡᠯᠭᠡ ᠪᠦᠷᠢᠳᠦᠭᠰᠡᠨ | ᠡᠷᠬᠢᠮ ᠡᠬᠦᠳᠡ ᠪᠠᠨ ᠲᠤᠯᠤᠭᠤᠯᠵᠤ | ᠡᠩᠬᠦᠷᠡᠢ ᠬᠠᠳᠤᠨ ᠪᠠᠨ ᠰᠡᠦᠬᠡ ᠶᠢ | ᠡᠪᠡᠰᠦᠳᠦ ᠭᠠᠵᠠᠷ ᠬᠢᠰᠬᠢᠬᠦᠯᠬᠦ ᠦᠬᠡᠢ ᠬᠡᠮᠡᠨ | ᠠᠷ ᠦᠬᠡᠢ ᠰᠠᠶᠢᠬᠠᠨ ᠲᠤᠷᠭ᠎ᠠ ᠶᠢ | ᠠᠯᠤᠰ ᠬᠤᠯᠠ ᠠᠴᠠ ᠲᠡᠪᠢᠰᠴᠦ | ᠠᠮᠠᠷᠠᠭ ᠬᠠᠶᠢᠷᠠᠳᠤ ᠬᠠᠳᠤᠨ ᠢᠶᠠᠨ | ᠠᠯᠳᠠᠨ ᠤᠷᠳᠤᠨ ᠳᠠᠭᠠᠨ ᠪᠠᠭᠤᠯᠭᠠᠭᠰᠠᠨ ᠶᠤᠮ | ᠡᠵᠡᠨ ᠪᠤᠭᠳᠠ ᠶᠢᠨ ᠢᠶᠠᠨ ᠶᠤᠰᠤᠨ ᠢ | ᠡᠷᠭᠡᠪᠰᠢ ᠲᠠᠭᠠᠬᠤ ᠯᠠ ᠤᠴᠢᠷᠳᠠᠢ ᠬᠡᠮᠡᠨ | ᠪᠤᠷᠤ ᠲᠦᠷᠦᠬᠦᠳᠦ ᠬᠤᠨᠢᠨ ᠠᠷᠠᠰᠤ ᠪᠠᠷ | ᠪᠤᠱᠤᠭ᠎ᠠ ᠡᠬᠦᠳᠡ ᠪᠠᠨ ᠪᠦᠷᠬᠦᠵᠦ | ᠬᠠᠷ᠎ᠠ ᠲᠦᠷᠦᠬᠦᠳᠦ ᠬᠤᠨᠢᠨ ᠠᠷᠠᠰᠤ ᠶᠢ | ᠬᠠᠳᠠᠪᠴᠢᠨ ᠳᠠᠭᠠᠨ ᠲᠡᠯᠬᠡᠨ ᠲᠡᠪᠢᠰᠴᠦ | ᠪᠠᠳᠠᠷᠠᠩᠭᠤᠢ ᠦᠯᠵᠡᠶᠢᠳᠦ ᠪᠠᠳᠤᠴᠠᠭᠠᠨ ᠮᠤᠳᠤ ᠪᠠᠷ | ᠪᠠᠶᠠᠷ ᠤᠨ ᠬᠠᠭᠠᠯᠭ᠎ᠠ ᠡᠬᠦᠳᠡ ᠪᠠᠨ ᠲᠠᠷᠤᠨ | ᠪᠠᠳᠠᠷᠠᠨ ᠬᠦᠭᠵᠢᠬᠦ ᠶᠢ ᠨᠢ ᠢᠷᠦᠭᠡᠨ ᠪᠡᠯᠭᠡᠳᠡᠵᠦ | ᠪᠠᠷᠢᠯᠳᠤᠯᠭ᠎ᠠ ᠶᠢᠨ ᠵᠠᠶᠠᠭ᠎ᠠ ᠶᠢ ᠨᠢ ᠪᠠᠭ᠋ᠠᠳᠤᠨ ᠵᠦᠩᠨᠡᠭᠰᠡᠨ ᠶᠤᠮ︾ | ᠪᠤᠭᠳᠠ ᠡᠵᠡᠨ ᠤ ᠲᠤᠭᠳᠠᠭᠠᠭᠰᠠᠨ ᠶᠤᠰᠤ | ᠪᠦᠬᠦᠳᠡ ᠮᠤᠩᠭᠤᠯ ᠤᠨ ᠬᠦᠨᠳᠦᠳᠭᠡᠬᠦ ᠵᠢᠷᠤᠮ | ᠬᠠᠭᠠᠨ ᠡᠵᠡᠨ ᠤ ᠲᠤᠭᠳᠠᠭᠠᠭᠰᠠᠨ ᠶᠤᠰᠤ | ᠬᠠᠮᠤᠭ ᠮᠤᠩᠭᠤᠯ ᠤᠨ ᠰᠠᠬᠢᠬᠤ ᠵᠢᠷᠤᠮ | ᠪᠠᠳᠮ᠎ᠠ ᠯᠢᠩᠬᠤᠸ᠎ᠠ ᠴᠡᠴᠡᠭᠳᠦ ᠬᠠᠳᠠᠭ ᠢᠶᠠᠷ | ᠪᠠᠳᠤᠴᠠᠭᠠᠨ ᠮᠤᠳᠤ ᠶᠢ ᠴᠢᠨᠢ ᠮᠢᠯᠢᠶᠠᠵᠤ | ᠪᠠᠶᠠᠨ ᠡᠷᠬᠢᠮ ᠢ ᠡᠬᠦᠷᠢᠳᠡ ᠡᠳ᠋ᠯᠡᠬᠦ | ᠪᠠᠳᠤ ᠰᠠᠶᠢᠨ ᠤ ᠢᠷᠦᠬᠡᠯ ᠲᠡᠪᠰᠢᠬᠦᠯᠦᠶ᠎ᠡ | ᠠᠮᠳᠠᠳᠤ ᠰᠠᠶᠢᠬᠠᠨ ᠢᠳᠡᠭᠡᠨ ᠤ ᠲᠡᠭᠡᠵᠢ | ᠠᠶᠢᠷᠠᠭ ᠲᠠᠷᠠᠭ ᠰᠢᠷ᠎ᠠ ᠲᠤᠰᠤ ᠪᠠᠷ ᠢᠶᠠᠨ | ᠠᠰᠢᠳᠠ ᠶᠢᠨ ᠪᠤᠶᠠᠨᠳᠤ ᠡᠬᠦᠳᠡ ᠶᠢ ᠴᠢᠨᠢ ᠮᠢᠯᠢᠶᠡᠵᠣ | ᠤᠳᠠᠭᠠᠨ ᠵᠢᠷᠭᠠᠬᠤ ᠶᠢ ᠵᠦᠩᠨᠡᠨ ᠪᠡᠯᠭᠡᠳᠡᠶ᠎ᠡ | ᠰᠠᠷ᠎ᠠ ᠶᠢᠨ ᠰᠠᠶᠢᠨ ᠢ ᠰᠤᠩᠭᠤᠵᠤ | ᠡᠳᠦᠷ ᠤᠨ ᠰᠠᠶᠢᠨ ᠢ ᠦᠵᠡᠵᠦ | ᠬᠠᠶᠢᠷᠠᠳᠤ ᠰᠢᠨ᠎ᠡ ᠪᠡᠷᠢ ᠪᠠᠷ ᠴᠢᠨᠢ | ᠬᠠᠯᠠᠭᠤᠨ ᠭᠠᠯ ᠢ ᠴᠢᠨᠢ ᠲᠠᠬᠢᠭᠤᠯᠵᠤ | ᠬᠦᠨᠳᠦᠳᠦ ᠨᠠᠰᠤᠳᠠᠨ ᠳᠤᠨᠢ ᠮᠦᠷᠬᠦᠬᠦᠯᠦᠨ | ᠬᠠᠮᠤᠭ ᠨᠠᠰᠤᠨ ᠤ ᠦᠢᠯᠡ ᠶᠢ ᠪᠦᠳᠦᠭᠡᠶ᠎ᠡ | ᠨᠠᠷᠠ ᠨᠠᠮᠠᠢᠢ ᠬᠦᠯᠢᠶᠡᠬᠦ ᠦᠬᠡᠢ | ᠴᠠᠭ ᠴᠢᠮᠠᠢᠢ ᠬᠦᠯᠢᠶᠡᠬᠦ ᠦᠬᠡᠢ | ᠡᠬᠦᠳᠡ ᠬᠠᠭᠠᠯᠭ᠎ᠠ ᠪᠠᠨ ᠨᠡᠭᠡᠭᠡᠴᠢ | ᠦᠨᠡᠨ ᠤᠴᠢᠷ ᠢᠶᠠᠨ ᠪᠦᠳᠦᠭᠡᠶ᠎ᠡ︾ ᠬᠡᠬᠦ ᠮᠡᠳᠦ ᠪᠠᠷ ᠬᠤᠶᠠᠷ ᠡᠳᠡᠭᠡᠳ ᠢᠶᠠᠷ ᠢᠶᠠᠨ | ᠨᠡᠯᠢᠶᠡᠳ ᠤᠳᠠᠭᠠᠨ ᠮᠠᠷᠭᠤᠨ ᠬᠡᠯᠡᠯᠴᠡᠭᠰᠡᠨ ᠤ ᠲᠠᠷᠠᠭ᠎ᠠ ᠬᠦᠷᠭᠡᠨ ᠲᠠᠯ᠎ᠠ ᠄ | ︽ᠤᠴᠢᠷᠳᠠᠢ ᠰᠠᠶᠢᠬᠠᠨ ᠲᠠᠪᠢᠯᠠᠩ ᠢᠶᠠᠷ | ᠤᠬᠠᠭᠠᠨᠳᠤ ᠬᠡᠦᠭᠡᠳ ᠤᠳ ᠲᠠᠨᠢᠯᠴᠠᠯ᠎ᠠ | ᠤᠴᠠᠷᠠᠬᠤ ᠶᠢᠨ ᠰᠠᠶᠢᠬᠠᠨ ᠵᠠᠶᠠᠭ᠎ᠠ ᠪᠠᠷ | ᠤᠷᠤᠭ ᠰᠠᠳᠤᠨ ᠪᠤᠯᠤᠯᠴᠠᠯᠠ | ᠨᠠᠶᠢᠷᠰᠠᠭ ᠰᠠᠶᠢᠬᠠᠨ ᠶᠤᠰᠤ | ᠨᠠᠶᠢᠷ ᠬᠤᠷᠢᠮ ᠤᠨ ᠵᠠᠩᠰᠢᠯ ᠢᠶᠠᠷ | ᠡᠷᠬᠢᠮ ᠬᠦᠨᠳᠦᠳᠦ ᠬᠤᠳᠠ ᠬᠤᠳᠠᠭᠠᠢ | ᠡᠩᠬᠦᠷᠡᠢ ᠬᠠᠶᠢᠷᠠᠳᠤ ᠰᠢᠨ᠎ᠡ ᠪᠡᠷᠢ ᠪᠠᠨ | ᠭᠡᠭᠡᠨ ᠲᠤᠶᠠᠭ᠎ᠠ ᠰᠠᠴᠤᠷᠠᠭᠰᠠᠨ | ᠭᠡᠰᠢᠭ ᠪᠤᠶᠠᠨ ᠲᠡᠯᠭᠡᠷᠡᠭᠰᠡᠨ | ᠦᠨᠢᠳᠡ ᠶᠢᠨ ᠵᠢᠷᠭᠠᠯ ᠰᠢᠩᠭᠡᠭᠰᠡᠨ | ᠦᠯᠵᠡᠢ ᠬᠤᠳᠤᠭ ᠤᠷᠤᠰᠢᠭᠰᠠᠨ | ᠦᠷᠬᠦᠬᠡ ᠭᠡᠷ ᠲᠡᠭᠡᠨ ᠵᠠᠯᠠᠶ᠎ᠠ︾ ᠬᠡᠮᠡᠨ ᠡᠬᠦᠳᠡ ᠪᠠᠨ ᠨᠡᠬᠡᠬᠡᠵᠦ ᠬᠦᠨᠳᠦᠳᠭᠡᠨ | ᠤᠷᠤᠭᠤᠯᠤᠨ᠎ᠠ᠃ | ᠬᠦᠦ ᠲᠠᠯ᠎ᠠ ᠶᠢᠨ ᠬᠤᠷᠢᠮ ᠤᠨ ᠨᠠᠶᠢᠷ ᠤᠨ ᠶᠤᠰᠤ ᠵᠦᠢ ᠬᠡᠦᠬᠡᠨ ᠲᠠᠯ᠎ᠠ ᠶᠢᠨ ᠬᠢ ᠲᠠᠢ ᠦᠨᠳᠦᠰᠦᠨ ᠳᠡᠭᠡᠨ | ᠠᠳᠠᠯᠢ᠂ ᠭᠡᠬᠦ ᠳᠡᠭᠡᠨ ᠬᠡᠦᠬᠡᠨ ᠲᠠᠯ᠎ᠠ ᠶᠢᠨ ᠠᠴᠠ ᠲᠠᠪᠠᠭᠤ ᠪᠠᠶᠢᠯᠭᠠᠬᠤ ᠪᠠᠷ ᠴᠢᠷᠮᠠᠶᠢᠳᠠᠭ᠃ ᠬᠤᠷᠢᠮ ᠤᠨ ᠰᠢᠷᠡᠭᠡᠨ | ᠲᠡᠭᠡᠷ᠎ᠡ ᠪᠦᠬᠦᠯᠢ ᠬᠤᠨᠢᠨ ᠰᠢᠬᠦᠰᠦ ᠪᠤᠶᠤ ᠤᠭᠤᠴᠠ᠂ ᠬᠠᠳᠠᠭ᠂ ᠲᠤᠷᠭ᠎ᠠ᠂ ᠠᠷᠢᠬᠢ᠂ ᠪᠤᠤᠪᠤ ᠮᠡᠳᠦ ᠶᠢᠨ | ᠵᠦᠢᠯᠡᠰ ᠢ ᠲᠠᠯᠪᠢᠵᠤ ᠨᠠᠶᠢᠷ ᠢᠶᠠᠨ ᠡᠬᠢᠯᠡᠨ᠎ᠡ᠃ ᠨᠠᠶᠢᠷ ᠤᠨ ᠰᠢᠷᠡᠭᠡᠨ ᠤ ᠲᠤᠮᠳᠠ ᠡᠬᠡ ᠶᠢᠨ ᠴᠠᠭᠠᠨ ᠰᠦ ᠶᠢᠨ | ᠠᠴᠢ ᠶᠢ ᠬᠠᠷᠢᠭᠤᠯᠬᠤ ᠬᠡᠮᠡᠨ ᠢᠷᠦᠬᠡᠯ ᠮᠠᠭᠳᠠᠭᠠᠯ ᠲᠠᠢ ᠪᠡᠯᠡᠭ ᠪᠠᠷᠢᠨ ᠬᠦᠢᠴᠡᠳᠭᠡᠨ᠎ᠡ᠃ ᠪᠡᠯᠡᠭ ᠲᠤ ᠠᠷᠢᠬᠢ᠂ | ᠬᠠᠳᠠᠭ᠂ ᠲᠡᠪᠡᠯ ᠤᠨ ᠲᠤᠷᠭ᠎ᠠ ᠲᠡᠷᠢᠬᠦᠳᠡᠢ ᠪᠠᠷᠢᠬᠤ ᠪᠠ ᠵᠠᠷᠢᠮ ᠨᠢ ᠪᠠᠰᠠ ᠤᠯᠪᠤᠭ ᠭᠡᠪᠢᠰ᠂ ᠮᠠᠯ ᠤᠨᠤᠭ᠎ᠠ | ᠪᠡᠯᠡᠭᠯᠡᠬᠦ ᠴᠤ ᠪᠤᠢ᠃ ᠪᠡᠯᠡᠭ ᠢ ᠬᠡᠦᠬᠡᠨ ᠬᠦᠷᠭᠡᠵᠦ ᠢᠷᠡᠭᠰᠡᠨ ᠬᠤᠳᠠ ᠬᠤᠳᠠᠭᠠᠢ ᠳᠤ ᠲᠡᠪᠰᠢᠬᠦᠯᠦᠨ᠎ᠡ᠃ | ᠡᠬᠡ ᠶᠢᠨ ᠴᠠᠭᠠᠨ ᠰᠦ ᠶᠢᠨ ᠠᠴᠢ ᠶᠢ ᠬᠠᠷᠢᠭᠤᠯᠬᠤ ᠢᠷᠦᠬᠡᠯ᠄ | ᠠᠰᠠᠷᠠᠯᠳᠤ ᠬᠠᠶᠢᠷᠠᠳᠤ ᠡᠵᠢ ᠨᠢ | ᠷᠠᠰᠢᠶᠠᠨ ᠰᠦ ᠪᠠᠨ ᠬᠦᠬᠦᠬᠦᠯᠵᠦ | ᠠᠮᠠᠷᠠᠭ ᠦᠬᠢᠨ ᠢᠶᠠᠨ ᠦᠰᠭᠡᠭᠡᠳ | ᠠᠯᠤᠰ ᠭᠠᠵᠠᠷ ᠪᠤᠭᠳᠤᠯᠵᠤ | ᠠᠶᠢᠯ ᠭᠡᠷ ᠤᠨ ᠢᠵᠠᠭᠤᠷ ᠵᠠᠯᠭᠠᠮᠵᠢᠯᠠᠭᠤᠯᠤᠭᠰᠠᠨ | ᠠᠴᠢ ᠭᠠᠪᠢᠶ᠎ᠠ ᠶᠢ ᠨᠢ ᠬᠠᠷᠢᠭᠤᠯᠬᠤ ᠠᠨᠤ | ᠠᠷᠪᠠᠨ ᠰᠠᠷ᠎ᠠ ᠡᠷᠬᠦᠵᠦ | ᠠᠩᠬᠢᠷ ᠤᠭᠤᠷᠠᠭ ᠢᠶᠠᠨ ᠰᠢᠮᠡᠬᠦᠯᠵᠦ | ᠠᠯᠠᠭ ᠨᠢᠳᠦᠨ ᠤ ᠴᠡᠴᠡᠭᠡᠢ ᠠᠴᠠ ᠢᠯᠡᠬᠦᠦ | ᠠᠴᠢᠷ ᠮᠢᠨᠢ ᠬᠡᠵᠦ ᠬᠠᠶᠢᠷᠠᠯᠠᠳᠠᠭ | ᠦᠷ ᠤᠨ ᠬᠦᠢᠳᠡᠨ ᠵᠢᠪᠠᠷ ᠲᠤ | ᠦᠨᠳᠡᠶᠢᠨ ᠪᠤᠰᠴᠤ ᠬᠦᠬᠦᠬᠦᠯᠳᠡᠭ | ᠦᠷᠦ ᠵᠢᠷᠦᠭᠡ ᠪᠠᠨ ᠲᠠᠳᠠᠵᠤ | ᠦᠷ᠎ᠡ ᠮᠢᠨᠢ ᠬᠡᠵᠦ ᠡᠩᠰᠡᠷᠡᠳᠡᠭ | ᠡᠯᠢᠬᠡᠨ ᠳᠡᠭᠡᠨ ᠲᠡᠪᠡᠷᠢᠵᠦ ᠦᠰᠭᠡᠭᠰᠡᠨ | ᠡᠩᠬᠦᠷᠡᠢ ᠬᠠᠶᠢᠷᠠᠳᠤ ᠦᠷ᠎ᠡ ᠪᠠᠨ | ᠡᠵᠡᠨ ᠲᠦᠷᠦ ᠶᠢᠨ ᠶᠤᠰᠤ ᠪᠠᠷ | ᠡᠨᠡ ᠠᠶᠢᠯ ᠳᠤ ᠪᠤᠭᠳᠤᠯᠤᠯᠠ᠃ | ᠡᠯᠡᠭᠳᠡᠬᠦ ᠶᠢᠨ ᠡᠮᠦᠨ᠎ᠡ ᠠᠴᠠ | ᠡᠩᠭᠡᠷ ᠲᠤᠬᠤᠢ ᠬᠤᠶᠠᠷ | ᠡᠨᠡᠷᠢᠬᠦ ᠶᠢᠨ ᠡᠮᠦᠨ᠎ᠡ ᠠᠴᠠ | ᠡᠵᠢ ᠠᠪᠤ ᠬᠤᠶᠠᠷ ᠭᠡᠳᠡᠭ ᠪᠢᠯᠡ | ᠡᠨᠡᠷᠢᠯ ᠬᠠᠶᠢᠷ᠎ᠠ ᠶᠢᠨ ᠰᠡᠳᠬᠢᠯ | ᠡᠶᠡᠯᠳᠡᠭ ᠴᠠᠭᠠᠨ ᠰᠠᠨᠠᠭ᠎ᠠ ᠪᠠᠷ | ᠦᠰᠭᠡᠨ ᠬᠦᠮᠦᠵᠢᠬᠦᠯᠦᠭᠰᠡᠨ ᠦᠷ᠎ᠡ ᠴᠢᠨᠢ | ᠦᠨᠢ ᠡᠬᠦᠷᠢᠳᠡ ᠦᠬᠡᠳᠡᠯᠡᠬᠦ ᠪᠤᠯᠳᠤᠭᠠᠢ | ᠦᠪᠡᠷ ᠤᠨ ᠭᠡᠷ ᠲᠤ ᠲᠦᠷᠦᠬᠦᠯᠦᠨ | ᠦᠰᠭᠡᠨ ᠲᠤᠷᠨᠢᠭᠤᠯᠵᠤ ᠪᠤᠶᠢᠵᠢᠭᠤᠯᠤᠭᠠᠳ | ᠦᠬᠡᠷ᠎ᠡ ᠭᠡᠷ ᠲᠤ ᠵᠢᠷᠭᠠᠭᠤᠯᠳᠠᠭ | ᠡᠷᠳᠡᠨ ᠤ ᠵᠢᠷᠤᠮ ᠢ ᠭᠠᠶᠢᠬᠠᠭᠤᠯᠤᠨ | ᠬᠠᠷᠢ ᠶᠢᠨ ᠭᠠᠵᠠᠷ ᠲᠤ ᠮᠤᠷᠳᠠᠭᠤᠯᠵᠤ | ᠬᠠᠳᠠᠮ ᠤᠨ ᠭᠠᠵᠠᠷ ᠵᠠᠶᠠᠭᠠᠬᠤ ᠳᠤ | ᠬᠠᠶᠢᠷᠠᠳᠤ ᠲᠠᠨ ᠤ ᠪᠠᠨ ᠦᠷᠦᠰᠢᠶᠡᠯ ᠳᠤ | ᠬᠠᠮᠤᠭ ᠦᠢᠯᠡᠰ ᠨᠢ ᠲᠡᠯᠭᠡᠷᠡᠳᠦᠬᠡᠢ | ᠦᠷᠦᠰᠢᠶᠡᠯ ᠶᠡᠬᠡᠳᠡᠢ ᠡᠵᠢ ᠶᠢ ᠨᠢ | ᠦᠨᠢ ᠡᠬᠦᠷᠢᠳᠡ ᠬᠦᠨᠳᠦᠯᠡᠨᠠ | ᠡᠩᠬᠦᠷᠡᠢ ᠦᠷ᠎ᠡ ᠪᠠᠨ ᠦᠭᠬᠦᠭᠰᠡᠨ ᠳᠤᠨᠢ | ᠦᠷᠦ ᠵᠢᠷᠦᠭᠡᠨ ᠠᠴᠠ ᠪᠠᠨ ᠲᠠᠯᠠᠷᠬᠠᠨ᠎ᠠ | ᠠᠭᠤᠤ ᠮᠤᠩᠭᠤᠯ ᠤᠨ ᠰᠤᠷᠭᠠᠯ ᠦᠬᠡ | ᠠᠯᠳᠠ ᠶᠢ ᠨᠢ ᠠᠪᠤᠪᠠᠯ ᠠᠪᠳᠠᠷ᠎ᠠ ᠳᠤᠨᠢ ᠮᠦᠷᠬᠦᠨ᠎ᠡ | ᠠᠰᠠᠷᠠᠯᠳᠤ ᠡᠵᠢ ᠶᠢ ᠬᠢᠨᠢ ᠠᠴᠢ ᠭᠠᠪᠢᠶ᠎ᠠ ᠶᠢ | ᠠᠰᠢᠳᠠ ᠬᠡᠵᠢᠶ᠎ᠡ ᠴᠤ ᠦᠯᠦ ᠮᠠᠷᠳᠠᠨ᠎ᠠ | ᠠᠷᠢᠭᠤᠨ ᠮᠤᠩᠭᠤᠯ ᠤᠳᠤᠮᠰᠢᠯ ᠢᠶᠠᠷ | ᠠᠷᠤ ᠭᠠᠵᠠᠷ ᠤᠨ ᠵᠠᠩᠰᠢᠯ ᠢᠶᠠᠷ | ᠤᠷᠳᠤ ᠨᠠᠰᠤᠨ ᠤ ᠦᠯᠵᠡᠶᠢᠳᠦ ᠬᠠᠳᠠᠭ | ᠤᠭᠠᠯᠵᠠᠨ ᠬᠤᠸᠠᠷ ᠲᠠᠢ ᠲᠤᠷᠭᠠᠨ ᠲᠡᠪᠡᠯ | ᠠᠮᠳᠠᠳᠤ ᠢᠳᠡᠭᠡᠨ ᠢᠶᠠᠨ ᠲᠡᠭᠡᠵᠢᠯᠡᠵᠦ | ᠠᠶᠢᠷᠠᠭ ᠲᠠᠷᠠᠭ ᠢᠶᠠᠨ ᠪᠢᠯᠬᠠᠭᠤᠯᠤᠨ | ᠠᠩᠬᠢᠷ ᠤᠭᠤᠷᠠᠭ ᠤᠨ ᠠᠴᠢ ᠶᠢ ᠴᠢᠨᠢ ᠬᠠᠷᠢᠭᠤᠯᠵᠤ | ᠠᠯᠳᠠᠨ ᠤᠷᠤᠭ ᠴᠢᠨᠢ ᠲᠡᠪᠰᠢᠬᠦᠯᠵᠦ ᠪᠠᠶᠢᠨ᠎ᠠ ᠃ | ︽ ᠬᠤᠳᠠ ᠬᠦᠮᠦᠨ ᠬᠤᠷᠢᠮ ᠳᠤ ᠬᠤᠨᠤᠬᠤ ᠠᠴᠠ ᠬᠤᠳᠳᠤᠭ ᠲᠤ ᠬᠤᠨᠤᠬᠤ᠂ ᠡᠷᠬᠢᠯᠳᠡ ᠳᠤ ᠬᠤᠨᠤᠬᠤ | ᠠᠴᠠ ᠡᠷᠬᠢ ᠳᠤ ᠬᠤᠨᠤᠬᠤ︾ ᠬᠡᠵᠦ᠂ ᠪᠠᠷᠢ ᠲᠤᠰᠬᠤ ᠪᠠᠷ ᠢᠷᠡᠭᠰᠡᠳ ᠵᠠᠪᠠᠯ ᠡᠳᠦᠷ ᠲᠡᠭᠡᠨ ᠪᠤᠴᠠᠬᠤ ᠶᠤᠰᠤ ᠲᠠᠢ | ᠪᠠᠶᠢᠳᠠᠭ᠃ ᠬᠡᠦᠭᠡᠨ ᠬᠦᠷᠭᠡᠵᠦ ᠢᠷᠡᠭᠰᠡᠨ ᠬᠤᠳᠠ ᠨᠠᠷ ᠴᠤ ᠠᠶᠢᠯ ᠳᠤ ᠬᠤᠨᠤᠬᠤ ᠦᠬᠡᠢ᠂ ᠨᠠᠶᠢᠷ ᠢᠶᠠᠨ | ᠦᠨᠳᠦᠷᠯᠡᠪᠡᠯ ᠵᠠᠪᠠᠯ ᠪᠤᠴᠠᠬᠤ ᠶᠤᠰᠤ ᠲᠠᠢ᠂ ᠬᠠᠷᠢᠨ ᠤᠯᠠᠩᠬᠢ ᠳᠠᠭᠠᠨ ᠬᠡᠦᠬᠡᠨ ᠤ ᠪᠡᠷᠭᠡᠨ ᠨᠢ ᠦᠯᠡᠳᠡᠵᠦ᠂ | ᠬᠡᠦᠬᠡᠨ ᠳᠡᠭᠡᠨ ᠭᠤᠷᠪᠠᠨ ᠬᠤᠨᠤᠭ ᠬᠠᠨᠢ ᠪᠤᠯᠳᠠᠭ᠃ ᠬᠤᠳᠠ ᠨᠠᠷ ᠢ ᠪᠤᠴᠠᠬᠤ ᠳᠤ ᠲᠦᠷᠦᠭᠡᠨ ᠤ ᠠᠷᠢᠬᠢ ᠬᠡᠮᠡᠨ | ᠭᠤᠷᠪᠠᠨ ᠬᠤᠨᠳᠠᠭ᠎ᠠ ᠪᠠᠷᠢᠬᠤ ᠳᠤ ᠨᠢᠬᠡ ᠶᠢ ᠨᠢ ᠤᠤᠭᠤᠵᠤ᠂ ᠪᠤᠰᠤᠳ ᠢ ᠨᠢ ᠲᠡᠭᠡᠳᠦ ᠲᠡᠭᠷᠢ ᠳᠤ ᠡᠷᠬᠦᠬᠦ ᠪᠤᠶᠤ | ᠮᠤᠷᠢᠨ ᠤ ᠲᠡᠯ ᠲᠡᠭᠡᠷ᠎ᠡ ᠪᠠᠨ ᠰᠠᠴᠤᠭᠠᠳ ᠮᠤᠷᠳᠠᠳᠠᠭ᠃ | ᠬᠦᠦ ᠳᠡᠭᠡᠨ ᠪᠡᠷᠢ ᠪᠠᠭᠤᠯᠭᠠᠬᠤ ᠶᠠᠪᠤᠳᠠᠯ ᠪᠤᠯ ᠭᠠᠯ ᠭᠤᠯᠤᠮᠳᠠ ᠪᠠᠨ ᠵᠠᠯᠭᠠᠮᠵᠢᠯᠠᠭᠤᠯᠵᠤ᠂ ᠠᠶᠢᠯ ᠡᠷᠦᠬᠡ | ᠶᠢᠨ ᠢᠶᠠᠨ ᠦᠨᠢ ᠡᠬᠦᠷᠢᠳᠡ ᠦᠷᠨᠢᠨ ᠲᠡᠯᠭᠡᠷᠡᠬᠦ ᠦᠢᠯᠡᠰ ᠢ ᠤᠯᠠᠮᠵᠢᠯᠠᠵᠤ ᠪᠠᠶᠢᠭ᠎ᠠ ᠶᠠᠪᠤᠳᠠᠯ ᠪᠤᠯᠬᠤᠷ ᠰᠢᠨ᠎ᠡ | ᠪᠡᠷᠢ ᠮᠤᠷᠳᠠᠵᠤ ᠢᠷᠡᠭᠰᠡᠨ ᠤ ᠪᠠᠨ ᠲᠠᠷᠠᠭ᠎ᠠ ᠦᠷᠯᠦᠬᠡ ᠨᠢ ᠡᠷᠳᠡ ᠪᠤᠰᠴᠤ᠂ ᠴᠠᠭᠠᠨ ᠢᠳᠡᠭᠡ ᠪᠤᠤᠪᠤ ᠪᠤᠭᠤᠷᠰᠤᠭ | ᠲᠠᠪᠠᠭᠯᠠᠨ ᠪᠠᠷᠢᠵᠤ᠂ ᠡᠷᠦᠬᠡ ᠶᠢᠨ ᠤᠭᠤᠰᠤᠷ ᠢᠶᠠᠨ ᠲᠠᠳᠠᠵᠤ ᠡᠷᠦᠬᠡ ᠪᠠᠨ ᠰᠡᠬᠦᠳᠡᠭ᠃ ᠲᠡᠭᠡᠭᠡᠳ ᠪᠠᠰᠠ ᠲᠤᠯᠭ᠎ᠠ | ᠶᠢᠨ ᠭᠠᠯ ᠢᠶᠠᠨ ᠨᠤᠴᠤᠭᠠᠵᠤ᠂ ᠴᠠᠢ ᠪᠠᠨ ᠴᠢᠨᠠᠭᠠᠳ ᠪᠤᠷᠬᠠᠨ ᠳᠠᠭᠠᠨ ᠲᠠᠬᠢᠯ ᠡᠷᠬᠦᠵᠦ᠂ ᠠᠪᠤ ᠡᠵᠢ ᠠᠬᠠᠮᠠᠳ | ᠲᠤᠮᠤᠭᠠᠳᠠᠨ ᠨᠠᠷ ᠲᠠᠭᠠᠨ ᠴᠠᠢ ᠠᠶᠠᠭᠠᠯᠠᠨ᠂ ᠲᠠᠪᠠᠭ ᠲᠠᠢ ᠪᠤᠤᠪᠤ ᠢᠳᠡᠭᠡ ᠪᠠᠨ ᠵᠤᠭᠤᠭᠯᠠᠭᠤᠯᠤᠨᠠ᠃ ᠠᠪᠤ ᠡᠵᠢ ᠨᠢ | ᠲᠠᠪᠠᠭ ᠲᠦᠬᠦᠷᠡᠩ ᠢᠳᠡᠭᠡᠨ ᠢ ᠲᠤᠰᠤᠨ ᠠᠪᠴᠤ ᠠᠮᠰᠠᠭᠰᠠᠨ ᠤ ᠲᠠᠷᠠᠭ᠎ᠠ᠂ ᠲᠠᠪᠠᠭ ᠲᠡᠭᠡᠷ᠎ᠡ ᠨᠢ ᠭᠡᠷ ᠤᠨ ᠢᠶᠠᠨ | ᠲᠦᠯᠬᠢᠬᠦᠷ ᠢ ᠲᠠᠯᠪᠢᠵᠤ ᠪᠡᠷᠢ ᠳᠡᠭᠡᠨ ᠦᠭᠬᠦᠨ᠎ᠡ᠂ ᠡᠨᠡ ᠨᠢ ᠭᠡᠷ ᠤᠨ ᠡᠵᠡᠨ ᠤ ᠡᠷᠭᠡ ᠮᠡᠳᠡᠯ ᠢᠶᠠᠨ ᠦᠷ᠎ᠡ | ᠬᠡᠦᠭᠡᠳ ᠲᠡᠭᠡᠨ ᠤᠯᠠᠮᠵᠢᠯᠠᠵᠤ ᠪᠠᠶᠢᠭ᠎ᠠ ᠭᠡᠷᠡᠭ ᠶᠤᠮ᠃ ᠡᠬᠦᠨᠴᠡ ᠭᠠᠳᠠᠨ᠎ᠠ ᠠᠪᠤ ᠡᠵᠢ ᠠᠬ᠎ᠠ ᠲᠡᠬᠦᠦ ᠲᠦᠷᠦᠯ | ᠰᠠᠳᠤᠨ ᠨᠢ ᠰᠢᠨ᠎ᠡ ᠪᠡᠷᠢ ᠶᠢᠨ ᠴᠠᠢ ᠶᠢ ᠲᠤᠰᠴᠤ ᠠᠪᠤᠭᠠᠳ ᠬᠠᠷᠢᠭᠤ ᠪᠡᠯᠡᠭ ᠱᠠᠩᠨᠠᠨ ᠦᠭᠳᠡᠭ᠃ | ᠬᠤᠷᠢᠮ ᠬᠢᠭᠰᠡᠨ ᠤ ᠲᠠᠷᠠᠭ᠎ᠠ ᠭᠤᠷᠪᠠᠨ ᠡᠳᠦᠷ ᠲᠤ ᠭᠡᠦᠬᠡᠨ ᠲᠠᠯ᠎ᠠ ᠠᠴᠠ ᠬᠡᠦᠬᠡᠨ ᠢᠶᠠᠨ ᠡᠷᠬᠢᠬᠦ ᠪᠠᠷ | ᠡᠷᠬᠢᠯᠳᠡ ᠶᠢᠨ ᠪᠤᠤᠪᠤ ᠪᠤᠭᠤᠷᠰᠤᠭ ᠲᠠᠢ ᠢᠷᠡᠳᠡᠭ᠃ ᠵᠠᠮ ᠬᠤᠯᠠ ᠵᠡᠷᠭᠡ ᠰᠢᠯᠳᠠᠭᠠᠨ ᠠᠴᠠ ᠪᠤᠯᠤᠭᠠᠳ ᠵᠠᠷᠢᠮ | ᠦᠶ᠎ᠡ ᠳᠤ ᠪᠠᠰᠠ ᠬᠤᠷᠢᠮ ᠤᠨ ᠰᠢᠷᠡᠭᠡᠨ ᠲᠡᠭᠡᠷ᠎ᠡ ᠪᠠᠨ ᠡᠷᠬᠢᠳᠡᠭ ᠴᠤ ᠪᠤᠢ᠃ ᠲᠡᠭᠡᠬᠦ ᠳᠡᠭᠡᠨ ᠢᠷᠡᠭᠰᠡᠨ ᠬᠦᠮᠦᠰ | ᠨᠢ ᠬᠡᠦᠬᠡᠨ ᠤ ᠪᠠᠨ ᠲᠦᠷᠬᠦᠮ ᠳᠡᠭᠡᠨ ᠪᠤᠴᠠᠬᠤ ᠡᠳᠦᠷ ᠢ ᠰᠤᠨᠤᠰᠴᠤ ᠪᠤᠴᠠᠳᠠᠭ᠃ ᠰᠢᠨ᠎ᠡ ᠪᠡᠷᠢ ᠶᠢ ᠲᠠᠪᠤ ᠪᠤᠶᠤ | ᠲᠤᠯᠤᠭ᠎ᠠ ᠬᠤᠨᠤᠭᠰᠠᠨ ᠤ ᠲᠠᠷᠠᠭ᠎ᠠ ᠬᠦᠷᠭᠡᠨ ᠲᠠᠢ ᠨᠢ ᠬᠠᠮᠳᠤ ᠭᠡᠳᠦ ᠬᠡᠳᠦᠨ ᠬᠦᠮᠦᠨ ᠢᠶᠠᠷ ᠬᠦᠷᠭᠡᠬᠦᠯᠵᠦ | ᠲᠦᠷᠬᠦᠮ ᠳᠤᠨᠢ ᠬᠠᠷᠢᠭᠤᠯᠤᠨ᠎ᠠ᠂ ᠡᠬᠦᠨ ᠢ ︽ᠡᠬᠦᠳᠡ ᠪᠠᠨ ᠡᠷᠬᠢᠬᠦ︾ ᠭᠡᠳᠡᠭ᠃ ᠲᠡᠭᠡᠬᠦ ᠳᠡᠭᠡᠨ ᠬᠡᠦᠬᠡᠨ | ᠲᠠᠯ᠎ᠠ ᠶᠢᠨ ᠠᠪᠤ ᠡᠵᠢ ᠳᠤ ᠪᠡᠯᠡᠭ ᠰᠠᠯᠳᠠ ᠲᠠᠢ ᠶᠠᠪᠤᠭᠤᠯᠳᠠᠭ᠃ | ᠬᠤᠷᠢᠮ ᠪᠠᠷᠠᠭᠰᠠᠨ ᠤ ᠤ ᠲᠠᠷᠠᠭ᠎ᠠ ᠬᠦᠦ ᠬᠡᠦᠬᠡᠨ ᠤ ᠬᠤᠶᠠᠷ ᠲᠠᠯ᠎ᠠ ᠠᠴᠠ ᠰᠢᠨ᠎ᠡ ᠬᠤᠷᠢᠮᠯᠠᠭᠰᠠᠨ ᠬᠡᠦᠭᠡᠳ | ᠢᠶᠠᠨ ᠲᠦᠷᠦᠯ ᠰᠠᠳᠤᠨ ᠳᠤᠨᠢ ᠤᠴᠢᠭᠤᠯᠤᠨ ᠲᠠᠨᠢᠭᠤᠯᠬᠤ ᠦᠢᠯᠡ ᠶᠢ ᠬᠦᠢᠴᠡᠳᠭᠡᠳᠡᠭ᠃ ᠢᠩᠬᠢᠵᠦ ᠪᠠᠷᠠᠪᠠᠯ ᠰᠢᠨ᠎ᠡ | ᠬᠤᠷᠢᠮ ᠤᠨ ᠪᠦᠬᠦᠶᠢᠯᠡ ᠦᠢᠯᠡ ᠦᠨᠳᠦᠰᠦᠨ ᠳᠡᠭᠡᠨ ᠲᠠᠭᠤᠰᠳᠠᠭ ᠪᠠᠶᠢᠨ᠎ᠠ᠃ |