ᠤᠯᠠᠮᠵᠢᠯᠠᠯᠳᠤ ᠵᠠᠩ ᠦᠢᠯᠡ — ᠤᠷᠤᠭ ᠬᠤᠷᠢᠮ ᠤᠨ ᠶᠤᠰᠤᠨ
ᠨᠡᠶᠢᠲᠡᠯᠡᠭᠰᠡᠨ ᠴᠠᠭ᠄
2022/12/13
    ᠬᠤᠷᠢᠮ ᠤᠨ  ᠡᠳᠤᠷ ᠰᠤᠩᠭᠤᠬᠤ — ᠬᠤᠷᠢᠮ ᠤᠨ ᠡᠳᠦᠷ ᠢ ᠰᠤᠩᠭᠤᠬᠤ ᠳᠠᠭᠠᠨ ᠬᠦᠦ ᠲᠠᠯ᠎ᠠ ᠠᠴᠠ ᠬᠦᠦ᠂ ᠬᠡᠦᠬᠡᠨ ᠬᠤᠶᠠᠷ ᠤᠨ ᠲᠦᠷᠦᠭᠰᠡᠨ ᠤᠨ ᠰᠠᠷ᠎ᠠ  ᠡᠳᠦᠷ  ᠎ ᠢ ᠬᠡᠯᠡᠵᠦ  ᠂ ᠯᠠᠮ᠎ᠠ ᠬᠤᠸᠠᠷᠠᠭ ᠪᠤᠶᠤ ᠦᠵᠡᠭᠡᠴᠢ ᠬᠦᠮᠦᠨ ᠎ ᠢᠶᠠᠷ ᠰᠠᠶᠢᠨ ᠡᠳᠦᠷ ᠢ ᠰᠤᠩᠭᠤᠨ ᠲᠤᠭᠳᠠᠭᠠᠯᠭᠠᠳᠠᠭ᠃  ᠡᠳᠦᠷ ᠦᠵᠡᠭᠰᠡᠨ ᠬᠦᠮᠦᠨ ᠨᠢ ᠰᠠᠷ᠎ᠠ ᠡᠳᠦᠷ ᠪᠤᠯᠤᠨ ᠭᠠᠷᠴᠤ ᠪᠤᠴᠠᠬᠤ ᠴᠠᠭ  ᠵᠢᠴᠢ ᠵᠦᠭ  ᠴᠡᠭ ᠢ ᠨᠢ ᠨᠠᠷᠢᠨ ᠲᠤᠳᠤᠷᠬᠠᠢ ᠬᠡᠯᠡᠵᠦ ᠦᠭᠳᠡᠭ᠃ ᠬᠤᠷᠢᠮ ᠬᠢᠬᠦ ᠠᠴᠠ ᠡᠮᠦᠨ᠎ᠡ ᠬᠦᠦ ᠲᠠᠯ᠎ᠠ ᠨᠢ  ᠬᠡᠷᠯᠡᠬᠦ ᠰᠢᠨ᠎ᠡ ᠭᠡᠷ᠂ ᠪᠡᠷᠢ  ᠎ ᠶᠢᠨ ᠲᠤᠯᠤᠭᠠᠢ ᠶᠢᠨ ᠵᠠᠰᠠᠯ᠂ ᠬᠦᠦ ᠶᠢᠨ ᠢᠶᠠᠨ ᠲᠡᠪᠡᠯ ᠬᠤᠪᠴᠠᠰᠤ᠂ ᠤᠨᠤᠭᠠᠷᠢ ᠶᠢᠨ ᠮᠤᠷᠢ᠂ ᠡᠮᠡᠭᠡᠯ ᠬᠠᠵᠠᠭᠠᠷ ᠵᠡᠷᠭᠡ ᠡᠳ᠋ᠯᠡᠯ ᠬᠡᠷᠡᠭᠰᠡᠯ ᠢ ᠠᠵᠤ ᠠᠮᠢᠳᠤᠷᠠᠯ ᠤᠨ ᠲᠦᠪᠰᠢᠨ ᠤ ᠬᠢᠷᠢ ᠭᠡᠮᠵᠢᠶ᠎ᠡ ᠪᠠᠷ ᠢᠶᠠᠨ  ᠰᠠᠶᠢᠬᠠᠨ  ᠪᠡᠯᠡᠳᠭᠡᠬᠦ ᠪᠦᠬᠡᠳ ᠬᠡᠦᠬᠡᠨ ᠲᠠᠯ᠎ᠠ ᠴᠤ  ᠬᠦᠷᠭᠡᠨ ᠭᠡᠦᠬᠡᠨ ᠎ ᠳᠡᠭᠡᠨ ᠬᠤᠪᠴᠠᠰᠤ  ᠵᠠᠰᠠᠯ ᠵᠡᠷᠭᠡ ᠶᠢ ᠰᠢᠨ᠎ᠡ ᠪᠠᠷ ᠪᠡᠯᠡᠳᠭᠡᠳᠡᠭ᠃ ᠬᠤᠷᠢᠮ ᠤᠨ ᠤᠷᠢᠯᠭ᠎ᠠ ᠠᠶᠢᠯᠠᠳᠬᠠᠬᠤ ᠶᠢ ᠲᠠᠶᠢᠹᠤᠰᠧ ᠨᠤᠳᠤᠭ ᠲᠤ ᠬᠤᠷᠢᠮ ᠬᠡᠯᠡᠬᠦ ᠭᠡᠳᠡᠭ᠃ ᠮᠤᠩᠭᠤᠯᠴᠤᠳ ᠶᠡᠷᠦᠨᠢ ᠤᠯᠠᠭᠠᠨ ᠴᠠᠭᠠᠨ ᠤ ᠶᠠᠪᠤᠳᠠᠯ ᠢ  ᠦᠪᠡᠷᠦᠨ ᠲᠦᠷᠦᠯ ᠰᠠᠳᠤᠨ᠂ ᠠᠶᠢᠯ ᠬᠤᠳᠠᠨ  ᠎ ᠤ ᠬᠢᠨ ᠪᠤᠯᠤᠨ ᠰᠠᠶᠢᠬᠠᠨ ᠶᠠᠪᠤᠯᠴᠠᠳᠠᠭ ᠠᠬ᠎ᠠ ᠲᠡᠬᠦᠦᠨᠡᠷ ᠲᠠᠭᠠᠨ ᠮᠡᠳᠡᠭᠳᠡᠵᠦ ᠵᠠᠯᠠᠳᠠᠭ  ᠶᠤᠰᠤ ᠲᠠᠢ᠃ ᠬᠤᠷᠢᠮ ᠬᠡᠯᠡᠬᠦ ᠬᠦᠮᠦᠨ ᠨᠢ ᠬᠦᠬᠦᠷ ᠬᠠᠳᠠᠭ ᠢᠶᠠᠨ ᠠᠪᠴᠤ  ᠂ ᠵᠠᠯᠠᠬᠤ ᠠᠶᠢᠯ ᠎ ᠤᠨ ᠭᠡᠷ ᠲᠤᠨᠢ ᠤᠴᠢᠵᠤ᠂ ᠠᠬᠠᠮᠠᠳ ᠲᠤᠮᠤᠭᠠᠳᠠᠨ ᠢ ᠨᠢ  ᠬᠤᠶᠢᠮᠤᠷ ᠲᠤ ᠵᠠᠯᠠᠨ ᠰᠠᠭᠤᠯᠭᠠᠵᠤ ᠪᠠᠶᠢᠭᠠᠳ ᠬᠦᠬᠦᠷ ᠪᠠᠷᠢᠨ  ᠬᠤᠷᠢᠮ ᠤᠨ ᠴᠢᠮᠡᠭᠡ ᠶᠢ ᠴᠠᠭ ᠬᠤᠭᠤᠴᠠᠭ᠎ᠠ ᠲᠠᠢ ᠨᠢ ᠨᠠᠷᠢᠨ ᠲᠤᠳᠤᠷᠬᠠᠢ ᠠᠶᠢᠯᠠᠳᠬᠠᠨ  ᠮᠡᠳᠡᠬᠦᠯᠦᠨ᠎ᠡ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号