ᠮᠤᠩᠭᠤᠯ ᠦᠨᠳᠦᠰᠦᠳᠡᠨ ᠤ ᠠᠮᠢᠳᠤᠷᠠᠯ ᠤᠨ ᠠᠯᠢᠪᠠ ᠵᠠᠩ ᠲᠠᠳᠬᠠᠯ ᠦᠨᠳᠦᠰᠦᠨ ᠳᠡᠭᠡᠨ ᠠᠳᠠᠯᠢᠪᠳᠤᠷ | ᠪᠠᠶᠢᠳᠠᠭ ᠪᠤᠯᠪᠠᠴᠤ ᠡᠯ᠎ᠡ ᠠᠶᠢᠮᠠᠭ ᠤᠭᠰᠠᠭ᠎ᠠ᠂ ᠭᠠᠵᠠᠷ ᠤᠷᠤᠨ ᠤ ᠵᠠᠩ ᠲᠠᠳᠬᠠᠯ ᠨᠢ ᠬᠤᠭᠤᠷᠤᠨᠳᠤ ᠪᠠᠨ ᠪᠠᠰᠠ | ᠨᠡᠯᠢᠶᠡᠳ ᠵᠦᠷᠢᠶ᠎ᠡ ᠲᠠᠢ ᠪᠠᠶᠢᠳᠠᠭ᠃ ᠲᠠᠶᠢᠹᠤᠰᠧ ᠬᠤᠰᠢᠭᠤ ᠪᠤᠯ ᠤᠤᠯ ᠤᠨ ᠴᠠᠬᠠᠷ ᠨᠠᠢᠮᠠᠨ ᠬᠤᠰᠢᠭᠤᠨ ᠤ | ᠬᠦᠪᠡᠭᠡᠳᠦ ᠰᠢᠷ᠎ᠠ᠂ ᠬᠦᠯᠦ ᠴᠠᠭᠠᠨ᠂ ᠬᠦᠪᠡᠭᠡᠳᠦ ᠴᠠᠭᠠᠨ᠂ ᠬᠦᠯᠦ ᠬᠦᠭᠡ ᠵᠡᠷᠭᠡ ᠵᠡᠬᠦᠨ ᠭᠠᠷ ᠤᠨ ᠲᠦᠷᠪᠡᠨ | ᠬᠤᠰᠢᠭᠤ ᠠᠴᠠ ᠠᠶᠢᠯ ᠡᠷᠦᠬᠡ ᠲᠠᠳᠠᠵᠤ ᠪᠠᠶᠢᠭᠤᠯᠤᠭᠰᠠᠨ ᠪᠤᠯᠬᠤᠷ ᠡᠯ᠎ᠡ ᠬᠤᠰᠢᠭᠤᠳ ᠤᠨ ᠵᠠᠩ ᠦᠢᠯᠡ ᠶᠢᠨ | ᠬᠤᠭᠤᠷᠤᠨᠳᠤᠬᠢ ᠵᠦᠷᠢᠶ᠎ᠡ ᠴᠤ ᠨᠡᠯᠢᠶᠡᠳ ᠢᠯᠡᠬᠡᠨ ᠬᠠᠷᠠᠭᠳᠠᠳᠠᠭ᠃ ᠲᠠᠶᠢᠹᠤᠰᠧᠴᠤᠳ ︽ᠬᠦᠦ ᠦᠰᠪᠡᠯ ᠪᠡᠷᠢ | ᠪᠠᠭᠤᠯᠭᠠᠵᠤ᠂ ᠬᠡᠦᠬᠡᠨ ᠦᠰᠪᠡᠯ ᠬᠠᠷᠢ ᠳᠤ ᠪᠤᠭᠳᠤᠯᠠᠬᠤ︾ ᠵᠢᠮ᠎ᠡ ᠬᠠᠤᠯᠢ ᠶᠢ ᠶᠡᠬᠡᠳᠡ ᠶᠤᠰᠤᠷᠬᠠᠭ | ᠬᠦᠢᠴᠡᠳᠭᠡᠳᠡᠭ ᠪᠦᠬᠡᠳ ᠰᠠᠶᠢᠨ ᠰᠠᠶᠢᠬᠠᠨ ᠤ ᠪᠡᠯᠭᠡ ᠲᠡᠮᠪᠡᠷᠢᠯ᠂ ᠦᠷ᠎ᠡ ᠬᠡᠦᠭᠡᠳ ᠤᠨ ᠢᠶᠠᠨ ᠨᠢᠬᠡ ᠨᠠᠰᠤᠨ ᠤ | ᠬᠤᠪᠢ ᠵᠠᠶᠠᠭ᠎ᠠ ᠦᠨᠢᠳᠡ ᠦᠬᠡᠳᠡᠯᠡᠵᠦ ᠡᠩᠬᠡᠵᠢᠨ ᠲᠡᠭᠵᠢᠷᠡᠵᠦ ᠶᠠᠪᠤᠬᠤ ᠶᠢ ᠵᠦᠩᠨᠡᠨ ᠪᠡᠯᠭᠡᠰᠢᠶᠡᠬᠦ ᠶᠢ ᠤᠨᠴᠠ | ᠡᠷᠬᠢᠮᠯᠡᠳᠡᠭ᠃ ᠬᠦᠪᠡᠬᠦᠨ ᠠᠷᠪᠠᠨ ᠨᠠᠢᠮᠠ ᠂ ᠦᠬᠢᠨ ᠠᠷᠪᠠᠨ ᠵᠢᠷᠭᠤᠭᠠᠨ ᠪᠦᠬᠦᠯᠢ ᠨᠠᠰᠤ ᠬᠦᠷᠪᠡᠯ ᠤᠷᠤᠭ | ᠬᠤᠯᠪᠤᠵᠤ ᠠᠶᠢᠯ ᠭᠡᠷ ᠪᠤᠯᠤᠯᠴᠠᠨᠠ᠃ | 2008 ᠤᠨ ᠳᠤ ᠲᠠᠶᠢᠹᠤᠰᠧ ᠬᠤᠰᠢᠭᠤ ᠲᠠᠶᠢᠹᠤᠰᠧ ᠤᠷᠤᠭ ᠬᠤᠷᠢᠮ ᠤᠨ ᠵᠠᠩ ᠦᠢᠯᠡ ᠶᠢ ᠠᠶᠢᠮᠠᠭ ᠤᠨ | ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ᠪᠦᠷᠢᠳᠭᠡᠬᠦᠯᠵᠦ᠂ ᠡᠷᠳᠡᠨᠢᠪᠠᠭᠠᠳᠤᠷ ᠠᠶᠢᠮᠠᠭ ᠤᠨ ᠲᠡᠰ | ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃ | ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄ ᠡᠷᠳᠡᠨᠢᠪᠠᠭᠠᠳᠤᠷ ᠂ ᠡᠷᠡᠭᠳᠡᠢ᠂ ᠮᠤᠩᠭᠤᠯ | ᠦᠨᠳᠦᠰᠦᠳᠡᠨ᠂ 1967 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠨᠪᠤᠯᠠᠭ ᠰᠤᠮᠤᠨ ᠤ ᠬᠦᠮᠦᠨ᠃ | 1989 ᠤᠨ ᠳᠤ ᠰᠤᠷᠭᠠᠭᠤᠯᠢ ᠲᠡᠬᠦᠰᠦᠨ ᠂ ᠲᠠᠶᠢᠹᠤᠰᠧ ᠬᠤᠰᠢᠭᠤᠨ ᠤ ᠦᠢᠯᠡᠳᠪᠦᠷᠢ ᠬᠤᠳᠠᠯᠳᠤᠭᠠᠨ ᠤ | ᠬᠠᠮᠢᠶᠠᠷᠤᠯᠳᠠ ᠶᠢᠨ ᠲᠤᠪᠴᠢᠶ᠎ᠠ ᠳᠤ ᠠᠵᠢᠯ ᠤᠨ ᠬᠤᠪᠢᠶᠠᠷᠢ ᠠᠪᠴᠠᠢ᠃ ᠠᠵᠢᠯ ᠤᠨ ᠴᠢᠯᠦᠬᠡ ᠪᠠᠷ ᠢᠶᠠᠨ ᠨᠤᠳᠤᠭ | ᠤᠰᠤᠨ ᠤ ᠪᠠᠨ ᠬᠤᠷᠢᠮ ᠨᠠᠶᠢᠷ ᠲᠤ ᠲᠠᠭᠠᠭᠠᠮᠠᠯ ᠢᠶᠠᠷ ᠵᠠᠯᠠᠭᠳᠠᠵᠤ ᠶᠠᠪᠤᠬᠤ ᠵᠠᠭᠤᠷ᠎ᠠ᠂ ᠴᠠᠬᠠᠷ ᠤᠷᠤᠭ ᠬᠤᠷᠢᠮ | ᠤᠨ ᠵᠠᠩ ᠦᠢᠯᠡ ᠶᠢ ᠤᠯᠠᠮ ᠬᠦᠨᠵᠡᠬᠡᠢ ᠰᠤᠳᠤᠯᠤᠨ ᠰᠢᠨᠵᠢᠯᠡᠵᠦ᠂ ᠡᠨᠡ ᠲᠠᠯᠠᠪᠠᠷ ᠶᠡᠭᠡ ᠬᠡᠮᠵᠢᠶᠡᠨ ᠤ | ᠲᠤᠷᠰᠢᠯᠭ᠎ᠠ ᠪᠠᠷᠢᠯ ᠢ ᠬᠤᠷᠠᠮᠳᠤᠭᠤᠯᠤᠭᠰᠠᠨ ᠪᠠᠶᠢᠨ᠎ᠠ᠃ ᠲᠡᠷᠡᠪᠡᠷ ᠮᠤᠩᠭᠤᠯ ᠦᠨᠳᠦᠰᠦᠳᠡᠨ ᠤ ᠵᠠᠩ ᠦᠢᠯᠡ ᠶᠢ | ᠤᠯᠠᠮᠵᠢᠯᠠᠨ ᠬᠦᠭᠵᠢᠬᠦᠯᠬᠦ ᠲᠡᠭᠡᠷ᠎ᠡ ᠢᠮᠠᠭᠳᠠ ᠰᠠᠨᠠᠭ᠎ᠠ ᠲᠠᠯᠪᠢᠵᠤ ᠬᠦᠴᠦ ᠤᠷᠤᠭᠤᠯᠤᠨ᠂ 2014 ᠤᠨ ᠳᠤ | ︽ᠲᠠᠶᠢᠹᠤᠰᠧ ᠮᠤᠩᠭᠤᠯ ᠵᠠᠩ ᠦᠢᠯᠡ ᠶᠢᠨ ᠨᠡᠶᠢᠬᠡᠮᠯᠢᠭ︾ ᠢ ᠡᠬᠦᠰᠭᠡᠨ ᠪᠠᠶᠢᠭᠤᠯᠤᠭᠰᠠᠨ ᠤ ᠬᠠᠮᠳᠤ ᠬᠡᠪᠯᠡᠯ | ᠵᠤᠭᠰᠤᠭᠠᠳ ᠭᠤᠴᠢ ᠰᠢᠬᠠᠮ ᠵᠢᠯ ᠪᠤᠯᠤᠭ᠎ᠠ ︽ᠬᠦᠨᠪᠤᠯᠠᠭ︾ ᠰᠡᠳᠬᠦᠯ ᠢ ᠰᠡᠷᠬᠦᠬᠡᠨ ᠨᠠᠶᠢᠷᠠᠭᠤᠯᠵᠤ᠂ ᠰᠤᠶᠤᠯ | ᠤᠨ ᠢᠶᠠᠨ ᠰᠦᠮᠪᠦᠷ ᠤᠪᠤᠭᠠᠨ ᠳᠤ ᠴᠢᠯᠠᠭᠤ ᠨᠡᠮᠡᠵᠦ᠂ ᠠᠵᠢᠯ ᠦᠢᠯᠡᠰ ᠲᠡᠭᠡᠨ ᠴᠢᠷᠮᠠᠶᠢᠯᠳᠠ ᠲᠠᠢ᠂ ᠤᠰᠤ | ᠨᠤᠳᠤᠭ ᠲᠠᠭᠠᠨ ᠵᠢᠳᠬᠦᠯ ᠲᠠᠢ ᠶᠠᠪᠤᠨ᠎ᠠ᠃ |