ᠪᠥᠬᠦᠯᠢ ᠰᠢᠭᠦᠰᠦ ᠶᠢ ᠡᠵᠡᠨ ᠪᠤᠭᠳᠠ ᠶᠢᠨ ᠲᠠᠬᠢᠯᠭ᠎ᠠ᠂ ᠶᠡᠭᠡ ᠨᠠᠶᠢᠷ ᠬᠤᠷᠢᠮ᠂ ᠬᠦᠨᠳᠦᠲᠦ ᠵᠤᠴᠢᠨ ᠤ | ᠲᠠᠶᠢᠯᠠᠯᠭ᠎ᠠ ᠵᠡᠷᠭᠡ ᠳᠤ ᠲᠠᠯᠪᠢᠳᠠᠭ ᠃ ᠦᠷᠦᠴᠡᠯᠡᠵᠦ ᠵᠠᠷᠤᠭᠰᠠᠨ ᠬᠤᠨᠢ ᠪᠠᠨ ᠠᠷᠠᠰᠤ ᠶᠢ ᠨᠢ ᠦᠪᠴᠢᠵᠦ | ᠪᠠᠷᠠᠭᠠᠳ ᠡᠪᠳᠡᠬᠦ ᠦᠶᠡᠰ ᠦᠷᠦᠴᠡᠯᠡᠭᠰᠡᠨ ᠨᠦᠬᠡ ᠪᠠᠷ ᠨᠢ ᠭᠤᠯᠳᠤ ᠬᠠᠭᠠᠯᠤᠨ ᠨᠡᠭᠡᠭᠡᠨ᠎ᠡ᠃ ᠢᠩᠬᠢᠪᠡᠯ ᠤᠭᠤᠴᠠ | ᠨᠢ ᠬᠤᠷᠮᠤᠢ ᠰᠠᠶᠢᠳᠠᠢ ᠪᠤᠯᠵᠤ ᠰᠦᠷ ᠶᠡᠬᠡᠳᠡᠢ ᠬᠠᠷᠠᠭᠳᠠᠳᠠᠭ᠃ ᠲᠦᠷᠪᠡᠨ ᠮᠦᠴᠢ ᠶᠢ ᠨᠢ ᠮᠦᠴᠢᠯᠡᠵᠦ ᠪᠠᠭᠤᠯᠭᠠᠬᠤ | ᠳᠠᠭᠠᠨ ᠨᠦᠬᠡ ᠭᠠᠷᠭᠠᠬᠤ ᠦᠬᠡᠢ᠂ ᠤᠭᠤᠴᠠ᠂ ᠰᠡᠭᠡᠷ ᠵᠡᠷᠭᠡ ᠳᠤ ᠬᠠᠮᠢᠶ᠎ᠠ ᠨᠠᠮᠢᠶ᠎ᠠ ᠦᠬᠡᠢ ᠤᠭᠳᠤᠴᠢᠭᠰᠠᠨ | ᠤᠷᠤᠮ ᠮᠦᠷ ᠦᠯᠡᠳᠡᠭᠡᠬᠦ ᠦᠬᠡᠢ᠃ ᠪᠦᠬᠦᠯᠢ ᠲᠠᠯᠪᠢᠬᠤ ᠳᠤ ᠬᠤᠨᠢᠨ ᠤ ᠲᠤᠯᠤᠭᠠᠢ᠂ ᠤᠭᠤᠴᠠ᠂ ᠲᠦᠷᠪᠡᠨ | ᠮᠦᠴᠢ᠂ ᠰᠡᠭᠡᠷ᠂ ᠭᠤᠰ ᠵᠡᠷᠭᠡ ᠶᠢ ᠴᠢᠨᠠᠵᠤ ᠪᠡᠯᠡᠳᠭᠡᠨ᠎ᠡ᠃ | ᠴᠢᠨᠠᠵᠤ ᠪᠤᠯᠭᠤᠭᠰᠠᠨ ᠪᠦᠬᠦᠯᠢ ᠰᠢᠬᠦᠰᠦ ᠪᠠᠨ ᠲᠠᠪᠠᠭᠯᠠᠬᠤ ᠳᠠᠭᠠᠨ ᠠᠮᠢᠳᠤ ᠬᠤᠨᠢ ᠬᠡᠪᠳᠡᠵᠦ ᠪᠠᠶᠢᠬᠤ | ᠶᠠᠩᠵᠤ ᠲᠠᠢ ᠲᠠᠯᠪᠢᠨ᠎ᠠ᠃ ᠲᠠᠷᠤᠢ ᠲᠤᠤᠷ᠎ᠠ ᠨᠢ ᠬᠤᠶᠠᠷ ᠬᠠ ᠬᠤᠶᠠᠷ ᠭᠤᠶ᠎ᠠ ᠶᠢ ᠨᠤᠭᠤᠯᠤᠨ᠂ ᠭᠡᠪᠳᠡᠭᠰᠡᠨ | ᠮᠠᠶ᠋ᠢᠭ ᠢᠶᠠᠷ ᠲᠠᠯᠪᠢᠵᠤ᠂ ᠲᠤᠮᠳᠠ ᠨᠢ ᠰᠡᠭᠡᠷ ᠢ ᠭᠤᠯᠳᠤ ᠪᠠᠷ ᠰᠡᠷᠪᠡᠭᠡ ᠶᠢ ᠨᠢ ᠭᠠᠳᠠᠭᠰᠢ ᠬᠠᠨᠳᠤᠭᠤᠯᠤᠨ ᠢᠪᠡᠵᠦ᠂ | ᠲᠡᠭᠡᠷ᠎ᠡ ᠠᠴᠠ ᠨᠢ ᠤᠭᠤᠴᠠ ᠪᠠᠨ ᠨᠢᠷᠤᠭᠤ ᠲᠠᠯ᠎ᠠ ᠶᠢ ᠨᠢ ᠲᠡᠭᠡᠭᠰᠢ ᠬᠠᠨᠳᠤᠭᠤᠯᠤᠨ ᠨᠦᠮᠦᠷᠭᠡᠨ ᠪᠦᠳᠡᠭᠡᠵᠦ᠂ | ᠲᠡᠬᠦᠨ ᠤ ᠲᠡᠭᠡᠷ᠎ᠡ ᠨᠢ ᠲᠤᠯᠤᠭᠠᠢ ᠶᠢ ᠲᠠᠯᠪᠢᠨ᠎ᠠ᠃ ᠵᠠᠷᠢᠮ ᠭᠠᠵᠠᠷ ᠲᠤ ᠪᠠᠰᠠ ᠬᠡᠳᠡᠰᠦ ᠲᠤᠳᠤᠷ ᠢ ᠭᠤᠰ ᠢᠶᠠᠷ | ᠲᠦᠯᠦᠬᠡᠯᠡᠬᠦᠯᠵᠦ᠂ ᠰᠡᠭᠡᠷ ᠲᠠᠢ ᠬᠠᠮᠳᠤ ᠭᠤᠰ ᠲᠠᠯᠪᠢᠳᠠᠭ ᠴᠤ ᠪᠤᠢ᠃ ᠲᠠᠶᠢᠹᠤᠰᠧ ᠤᠨ ᠬᠢᠨ ︽ᠡᠷᠡᠦ ᠬᠡᠯᠡ | ᠲᠠᠢ ᠨᠢ ᠲᠠᠯᠪᠢᠪᠠᠯ ᠬᠡᠯᠡ ᠠᠮᠠ ᠪᠤᠯᠤᠨ᠎ᠠ︾ ᠬᠡᠮᠡᠨ ᠂ ᠪᠦᠬᠦᠯᠢ ᠲᠠᠯᠪᠢᠬᠤ ᠳᠠᠭᠠᠨ ᠪᠢᠳᠡᠬᠦᠦ ᠲᠤᠯᠤᠭᠠᠢ | ᠤᠷᠤᠭᠤᠯᠬᠤ ᠶᠢ ᠴᠡᠭᠡᠷᠯᠡᠵᠦ᠂ ᠡᠷᠡᠦ ᠦᠬᠡᠢ ᠲᠤᠯᠤᠭᠠᠢ ᠤᠷᠤᠳᠠᠭ᠃ ᠪᠦᠬᠦᠯᠢ ᠰᠢᠭᠦᠰᠦᠨ ᠳᠤ ᠬᠦᠵᠦᠬᠦᠦ᠂ | ᠡᠪᠴᠢᠬᠦᠦ᠂ ᠲᠤᠶᠢᠭ ᠱᠠᠭ᠎ᠠ᠂ ᠪᠤᠭᠤᠨᠢ ᠬᠠᠪᠢᠰᠤ᠂ ᠲᠠᠯᠠᠨ ᠤ ᠮᠦᠭᠡᠷᠰᠦ ᠵᠡᠷᠭᠡ ᠤᠷᠤᠳᠠᠭ ᠦᠬᠡᠢ᠃ | ᠰᠢᠭᠦᠰᠦ ᠤᠷᠤᠭᠤᠯᠬᠤ ᠦᠶ᠎ᠡ ᠳᠤ ᠭᠡᠷ ᠤᠨ ᠡᠵᠡᠨ ᠠᠴᠠ ᠳᠠᠶᠠᠭᠠᠷ ᠤᠯᠠᠨ ᠳᠤ ᠬᠡᠮ ᠰᠡᠷᠭᠦᠭᠡᠨ᠂ ᠶᠤᠰᠤ | ᠣᠴᠢᠷ ᠭᠦᠢᠴᠡᠳᠬᠡᠵᠦ ᠪᠠᠷᠠᠭᠰᠠᠨ ᠤ ᠳᠠᠷᠠᠭ᠎ᠠ ᠰᠠᠶ᠋ᠢ ᠰᠢᠭᠦᠰᠦ ᠬᠥᠨᠳᠡᠬᠦ ᠵᠠᠩ ᠦᠢᠯᠡ ᠶᠢ ᠬᠦᠢᠴᠡᠳᠭᠡᠨ᠎ᠡ᠃ | ᠡᠨᠡ ᠦᠶ᠎ᠡ ᠳᠤ ᠢᠷᠦᠭᠡᠯᠴᠢ ᠠᠴᠠ ᠰᠢᠭᠦᠰᠦᠨ ᠤ ᠢᠷᠦᠭᠡᠯ ᠬᠡᠯᠡᠳᠡᠭ᠃ ᠵᠢᠱᠢᠶᠡᠯᠡᠪᠡᠯ ᠄ | ︽ᠴᠢᠩᠭᠢᠰ ᠪᠤᠭᠳᠠ ᠶᠢᠨ ᠲᠤᠭᠲᠠᠭᠰᠠᠨ ᠵᠢᠷᠣᠮ | ᠴᠢᠩ ᠵᠤᠷᠢᠭᠲᠦ ᠮᠤᠩᠭᠤᠯᠴᠣᠳ ᠤᠨ ᠵᠠᠩᠰᠢᠯ | ᠴᠢᠭᠴᠢ ᠦᠨᠡᠨ ᠰᠡᠳᠭᠢᠯ ᠤᠨ ᠮᠢᠨᠢ ᠪᠡᠯᠭᠡ | ᠴᠡᠪᠡᠷ ᠠᠷᠢᠭᠤᠨ ᠢᠳᠡᠭᠡᠨ ᠤ ᠮᠢᠨᠢ ᠳᠡᠭᠡᠵᠢ | ᠠᠯᠳᠠᠷ ᠴᠣᠣᠲᠦ ᠮᠤᠩᠭᠤᠯᠴᠣᠳ ᠤᠨ ᠮᠢᠨᠢ ᠵᠠᠩᠰᠢᠯ | ᠠᠮᠠ ᠴᠠᠭᠠᠨ ᠢᠷᠭᠡᠨ ᠤ ᠮᠢᠨᠢ ᠰᠢᠭᠦᠰᠦ | ᠠᠷᠢᠭᠤᠨ ᠣᠯᠠᠭᠠᠨ ᠵᠢᠷᠦᠬᠡᠨ ᠤ ᠪᠡᠯᠭᠡ | ᠠᠮᠰᠠᠨ ᠳᠡᠭᠡᠵᠢᠯᠡᠬᠦ ᠢᠳᠡᠭᠡᠨ ᠤ ᠮᠢᠨᠢ ᠳᠡᠭᠡᠵᠢ | ᠠᠭᠢ ᠲᠠᠭᠠᠨ᠎ᠠ ᠶᠢᠨ ᠢᠳᠡᠰᠢ ᠲᠠᠢ | ᠷᠠᠰᠢᠶᠠᠨ ᠪᠣᠯᠠᠭ ᠤᠨ ᠣᠮᠳᠠ ᠲᠠᠢ | ᠠᠷᠢᠭᠤᠨ ᠢᠳᠡᠭᠡᠨ ᠤ ᠳᠡᠭᠡᠵᠢ | ᠠᠮᠠ ᠴᠠᠭᠠᠨ ᠢᠷᠬᠡ ᠶᠢᠨ ᠰᠢᠭᠦᠰᠦ ᠪᠠᠨ | ᠽᠠᠨᠳᠠᠨ ᠮᠤᠳᠤᠨ ᠳᠡᠪᠰᠢᠨ ᠳᠡᠭᠡᠨ ᠬᠢᠵᠦ | ᠵᠠᠩᠭ᠎ᠠ ᠭᠡᠳᠡ ᠬᠢᠲᠤᠭ᠎ᠠ ᠪᠠᠷ ᠬᠥᠨᠳᠡᠭᠡᠳ | ᠠᠶᠢᠯᠴᠢᠯᠠᠨ ᠢᠷᠡᠭᠰᠡᠨ ᠲᠠ ᠪᠥᠬᠦᠨ ᠳᠡᠭᠡᠨ | ᠠᠩᠬ᠎ᠠ ᠶᠢᠨ ᠶᠤᠰᠤᠭᠠᠷ ᠡᠷᠭᠦᠨ ᠪᠠᠷᠢᠵᠦ ᠪᠠᠶᠢᠨ᠎ᠠ | ᠪᠥᠭᠦᠳᠡᠭᠡᠷ ᠪᠠᠶᠠᠰᠣᠨ ᠵᠤᠭᠤᠭᠯᠠᠨ ᠵᠢᠷᠭᠠᠲᠣᠭᠠᠢ︾ ᠬᠡᠭᠦ ᠮᠡᠳᠦᠴᠢᠯᠡᠨ ᠢᠷᠦᠭᠡᠯ ᠬᠡᠯᠡᠵᠦ ᠪᠠᠷᠠᠭᠰᠠᠨ ᠤ | ᠳᠠᠷᠠᠭ᠎ᠠ ᠰᠢᠬᠦᠰᠦ ᠪᠠᠨ ᠡᠬᠢᠯᠡᠵᠦ ᠬᠥᠨᠳᠡᠨ᠎ᠡ ᠃ | ᠲᠠᠪᠠᠭ ᠲᠠᠢ ᠰᠢᠬᠦᠰᠦ ᠪᠠᠨ ᠰᠢᠷᠡᠭᠡᠨ ᠤ ᠲᠦᠪ ᠲᠤᠮᠳᠠ ᠲᠠᠯᠪᠢᠭᠠᠳ ᠭᠤᠤᠯ ᠵᠤᠴᠢᠨ ᠤ ᠵᠦᠭ | ᠬᠠᠨᠳᠤᠭᠤᠯᠵᠤ ᠲᠠᠯᠪᠢᠭᠠᠳ ᠬᠦᠨᠳᠡᠨ᠎ᠡ᠃ ᠰᠢᠬᠦᠰᠦ ᠬᠦᠨᠳᠡᠭᠴᠢ ᠨᠢ ᠲᠡᠪᠡᠯ ᠮᠠᠯᠠᠭᠠᠢ ᠪᠠᠨ ᠲᠡᠭᠰᠢ ᠰᠠᠶᠢᠬᠠᠨ | ᠡᠮᠦᠰᠴᠦ ᠵᠡᠬᠦᠭᠡᠳ᠂ ᠪᠠᠷᠠᠭᠤᠨ ᠬᠦᠯ ᠤᠨ ᠡᠪᠦᠳᠦᠭ ᠢᠶᠠᠨ ᠬᠠᠩᠵᠤᠨ ᠤ ᠢᠷᠮᠡᠭ ᠲᠡᠭᠡᠷ᠎ᠡ ᠨᠤᠭᠤᠯᠤᠨ ︵ | ᠰᠦᠬᠦᠷᠡᠵᠦ ᠪᠠᠶᠢᠭ᠎ᠠ ᠤᠬᠠᠭᠠᠨ ᠲᠠᠢ︶ ᠵᠤᠭᠰᠤᠵᠤ᠂ ᠣᠷᠢᠳᠠᠪᠡᠷ ︽ᠪᠠᠶᠠᠷ ᠮᠠᠩᠨᠠᠢ ᠡᠰᠭᠡᠨ᠎ᠡ︾ ᠬᠡᠮᠡᠨ ᠬᠤᠨᠢᠨ | ᠲᠤᠯᠤᠭᠠᠢ ᠶᠢᠨ ᠮᠠᠩᠨᠠᠢ ᠲᠡᠭᠡᠷ᠎ᠡ ᠨᠢ ᠦᠯᠵᠡᠢ ᠵᠠᠩᠬᠢᠶ᠎ᠠ ᠶᠢᠨ ᠬᠡᠯᠪᠡᠷᠢ ᠲᠠᠢ ᠵᠢᠰᠢᠬᠦᠦ ᠭᠤᠷᠪᠠ ᠭᠤᠷᠪᠠ ᠵᠦᠰᠦᠵᠦ | ᠂ ᠬᠤᠨᠢᠨ ᠤ ᠰᠡᠭᠦᠯ ᠠᠴᠠ ᠭᠡᠳᠦᠨ ᠭᠡᠰᠡᠭ ᠨᠢᠮᠬᠡᠨ ᠵᠦᠰᠦᠮ ᠬᠠᠯᠢᠮᠯᠠᠨ ᠠᠪᠴᠤ ᠮᠠᠩᠨᠠᠢ ᠳᠡᠭᠡᠷ᠎ᠡ ᠨᠢ ᠲᠠᠯᠪᠢᠬᠤ | ᠪᠤᠶᠤ ᠦᠷᠦᠮ᠎ᠡ᠂ ᠰᠢᠷ᠎ᠠ ᠲᠤᠰᠤ ᠮᠡᠳᠦ ᠶᠢᠨ ᠴᠠᠭᠠᠨ ᠢᠳᠡᠭᠡ ᠲᠠᠯᠪᠢᠵᠤ᠂ ᠬᠦᠭᠡ ᠲᠡᠭᠷᠢ ᠬᠦᠷᠦᠰᠦᠳᠦ ᠲᠡᠯᠡᠭᠡᠢ | ᠂ ᠦᠯᠵᠡᠶᠢᠳᠦ ᠨᠤᠳᠤᠭ ᠦᠷᠦᠰᠢᠶᠡᠯᠳᠦ ᠲᠡᠭᠡᠳᠦᠰ ᠲᠡᠭᠡᠨ ᠬᠡᠮᠡᠨ ᠡᠷᠭᠦᠭᠰᠡᠨ ᠤ ᠳᠠᠷᠠᠭ᠎ᠠ᠂ ᠬᠤᠨᠢᠨ ᠤ ᠲᠤᠯᠤᠭᠠᠢ | ᠪᠠᠨ ᠬᠤᠶᠠᠷ ᠭᠠᠷ ᠢᠶᠠᠷ ᠲᠡᠭᠰᠢ ᠡᠷᠬᠦᠬᠦ ᠪᠤᠶᠤ ᠲᠠᠪᠠᠭ ᠳᠡᠭᠡᠷ᠎ᠡ ᠲᠠᠯᠪᠢᠵᠦ᠂ ︽ᠲᠥᠭᠡᠨᠡ ᠶᠢ ᠲᠥᠮᠡᠨ ᠢᠶᠠᠷ ᠢᠶᠠᠨ︾ | ᠭᠡᠵᠦ ᠭᠤᠤᠯ ᠵᠤᠴᠢᠨ ᠪᠠ ᠠᠬᠠᠮᠠᠳ ᠤᠨ ᠰᠢᠷᠡᠭᠡᠨ ᠠᠴᠠ ᠡᠬᠢᠯᠡᠨ ᠰᠢᠷᠡᠭᠡ ᠲᠤᠭᠤᠷᠢᠵᠦ ᠠᠮᠰᠠᠭᠤᠯᠳᠠᠭ ᠂ ᠡᠬᠦᠨ | ᠢ ᠲᠦᠬᠡᠨᠡ ᠡᠷᠬᠦᠬᠦ ᠪᠤᠶᠤ ᠲᠦᠬᠡᠨᠡ ᠠᠮᠰᠠᠬᠤ ᠭᠡᠨ᠎ᠡ᠃ ᠵᠤᠴᠢᠳ ᠬᠠᠷᠢᠯᠴᠠᠨ ᠨᠠᠶᠢᠷ ᠲᠠᠯᠪᠢᠨ ᠶᠠᠩᠨᠠᠯᠳᠤᠵᠤ ᠂ | ᠲᠦᠭᠡᠨ᠎ᠡ ᠳᠤ ᠭᠠᠷ ᠢᠶᠠᠨ ᠬᠦᠷᠭᠡᠬᠦ ᠪᠤᠶᠤ ᠲᠡᠭᠡᠷ᠎ᠡ ᠨᠢ ᠲᠠᠯᠪᠢᠭᠰᠠᠨ ᠢᠳᠡᠭᠡᠨ ᠠᠴᠠ ᠬᠢᠮᠤᠰᠤᠯᠠᠨ ᠠᠪᠴᠤ ᠲᠡᠭᠡᠭᠰᠢ | ᠡᠷᠬᠦᠨ᠎ᠡ᠃ ᠡᠨᠡ ᠮᠡᠳᠦ ᠪᠠᠷ ᠭᠤᠤᠯ ᠵᠤᠴᠢᠨ ᠪᠤᠶᠤ ᠠᠬᠠᠮᠠᠳ ᠲᠤᠮᠤᠭᠠᠳᠠᠨ ᠡᠷᠬᠦᠵᠦ ᠪᠠᠷᠠᠪᠠᠯ᠂ ᠪᠤᠰᠤᠳ | ᠬᠦᠮᠦᠰ ᠶᠡᠷᠦᠩᠬᠡᠢ ᠳᠡᠭᠡᠨ ︽ᠵᠠ ᠵᠠ᠂ ᠲᠡᠭᠡᠰᠢ ᠪᠠᠨ︾ ᠬᠡᠵᠦ ᠶᠤᠰᠤᠷᠬᠠᠨ ᠦᠩᠭᠡᠷᠡᠭᠡᠨ᠎ᠡ᠃ ᠲᠠᠶᠢᠹᠤᠰᠧ ᠳᠤ | ᠡᠮᠡᠭᠳᠡᠢ ᠬᠦᠮᠦᠨ ᠪᠠ ᠤᠷᠤᠭᠯᠠᠭᠠᠳᠤᠢ ᠬᠦᠮᠦᠰ᠂ ᠬᠡᠦᠭᠡᠳ ᠪᠠᠭᠠᠴᠤᠳ ᠲᠦᠭᠡᠨ᠎ᠡ ᠠᠮᠰᠠᠳᠠᠭ ᠦᠬᠡᠢ᠃ | ᠲᠦᠭᠡᠨ᠎ᠡ ᠠᠮᠰᠠᠭᠰᠠᠨ ᠤ ᠲᠠᠷᠠᠭ᠎ᠠ᠂ ᠰᠢᠬᠦᠰᠦ ᠬᠦᠨᠳᠡᠭᠴᠢ ᠠᠴᠠ ᠤᠭᠤᠴᠠᠨ ᠤ ᠪᠠᠷᠠᠭᠤᠨ ᠵᠡᠬᠦᠨ ᠬᠤᠶᠠᠷ | ᠬᠠᠵᠠᠭᠤ ᠶᠢ ᠲᠤᠰᠪᠤᠷᠢ ᠡᠮᠦᠨ᠎ᠡ ᠠᠴᠠ ᠬᠤᠶᠢᠰᠢ ᠴᠢᠭᠯᠡᠯ ᠢᠶᠠᠷ ᠳᠥᠷᠪᠡᠨ ᠬᠤᠷᠣᠭᠤ ᠬᠢᠷᠢᠲᠡᠢ ᠥᠷᠭᠡᠨ | ᠵᠦᠰᠦᠵᠦ ᠪᠠᠭᠤᠯᠭᠠᠭᠠᠳ ᠂ ᠤᠭᠤᠴᠠᠨ ᠤ ᠪᠠᠷᠠᠭᠤᠨ ᠵᠡᠬᠦᠨ ᠲᠠᠯ᠎ᠠ ᠳᠤ ᠲᠤᠰᠪᠤᠷᠢ ᠲᠠᠷᠤᠵᠤ ᠲᠠᠯᠪᠢᠬᠤ ᠪᠦᠬᠡᠳ | ᠤᠭᠤᠴᠠᠨ ᠲᠠᠷᠤᠮ᠎ᠠ ᠶᠢ ᠴᠤ ᠵᠦᠪ ᠲᠠᠯ᠎ᠠ ᠠᠴᠠ ᠨᠢ ᠵᠦᠰᠦᠨ ᠪᠠᠭᠤᠯᠭᠠᠵᠤ ᠡᠮᠦᠨ᠎ᠡ ᠲᠤᠤᠷ᠎ᠠ ᠨᠢ | ᠰᠢᠷᠭᠤᠭᠤᠯᠤᠨ ᠲᠠᠷᠤᠵᠤ ᠲᠠᠯᠪᠢᠨ᠎ᠠ᠃ ᠡᠬᠦᠨ ᠤ ᠲᠠᠷᠠᠭ᠎ᠠ ᠪᠠᠷ ᠣᠭᠤᠷᠠᠭ ᠰᠡᠭᠦᠯ ᠢ ᠤᠭᠳᠤᠯᠤᠨ ᠠᠪᠴᠤ ᠠᠷᠤ | ᠲᠤᠤᠷ᠎ᠠ ᠨᠢ ᠲᠠᠷᠤᠨ᠎ᠠ ᠃ ᠡᠭᠦᠨ ᠢ ᠣᠭᠤᠴᠠ ᠪᠠᠭᠤᠯᠭᠠᠬᠤ ᠭᠡᠳᠡᠭ᠃ ᠤᠭᠤᠴᠠ ᠪᠠᠭᠤᠯᠭᠠᠬᠤ ᠳᠤ ᠬᠢᠳᠤᠭᠠᠨ | ᠤ ᠢᠷ ᠨᠢᠭᠡ ᠯᠡ ᠴᠢᠭᠯᠡᠯ ᠢᠶᠠᠷ ᠵᠦᠰᠦᠵᠦ ᠶᠠᠪᠤᠬᠤ ᠠᠴᠠ ᠪᠢᠰᠢ᠂ ᠪᠤᠴᠠᠵᠤ ᠶᠠᠪᠤᠳᠠᠭ ᠦᠭᠡᠢ᠃ ᠢᠩᠬᠢᠵᠦ | ᠪᠠᠷᠠᠭᠠᠳ ᠬᠢᠲᠤᠭ᠎ᠠ ᠶᠢᠨ ᠡᠰᠢ ᠶᠢ ᠵᠤᠴᠢᠨ ᠤ ᠵᠦᠭ ᠬᠠᠨᠳᠣᠭᠤᠯᠣᠨ ᠬᠤᠶᠠᠷ ᠭᠠᠷ ᠢᠶᠠᠷ ᠤᠭᠤᠴᠠ ᠪᠠᠨ ᠡᠷᠬᠦᠵᠦ | ᠂ ︽ᠢᠳᠡᠭᠡ ᠵᠤᠭᠤᠭᠯᠠ︾᠂ ︽ᠰᠢᠬᠦᠰᠦ ᠵᠤᠭᠤᠭᠯᠠ︾ ᠬᠡᠮᠡᠨ ᠬᠢᠴᠢᠶᠡᠩᠬᠦᠶᠢᠯᠡᠨ ᠶᠠᠩᠨᠠᠨ᠎ᠠ᠃ ᠶᠠᠩ ᠲᠤᠳᠠᠵᠤ | ᠶᠤᠰᠤ ᠠᠯᠳᠠᠬᠤ ᠠᠴᠠ ᠶᠡᠬᠡᠳᠡ ᠬᠢᠴᠢᠶᠡᠳᠡᠭ᠃ ᠭᠤᠤᠯ ᠵᠤᠴᠢᠨ ᠪᠤᠶᠤ ᠠᠬᠠᠮᠠᠳ ᠲᠤᠮᠤᠭᠠᠳᠠᠨ ᠨᠢ ᠬᠢᠲᠤᠭ᠎ᠠ ᠶᠢ | ᠠᠪᠴᠦ ᠣᠭᠤᠴᠠ ᠠᠴᠠ ᠨᠢᠭᠡ ᠭᠡᠰᠡᠭ ᠢ ᠤᠭᠲᠣᠯᠣᠨ ᠭᠠᠯ ᠳᠤ ᠡᠷᠭᠦᠭᠰᠡᠨ ᠤ ᠳᠠᠷᠠᠭ᠎ᠠ ᠰᠠᠶ᠋ᠢ ᠪᠥᠭᠦᠳᠡᠭᠡᠷ ᠢᠶᠠᠨ | ᠢᠳᠡᠵᠦ ᠡᠬᠢᠯᠡᠨ᠎ᠡ ᠃ ᠤᠭᠤᠴᠠᠨ ᠬᠠᠵᠠᠭᠤ ᠶᠢᠨ ᠮᠢᠬ᠎ᠠ ᠶᠢ ᠬᠡᠦᠬᠡᠳ ᠲᠤ ᠤᠭᠳᠤᠯᠤᠨ ᠲᠦᠭᠡᠭᠡᠳᠡᠭ᠃ |