ᠲᠠᠶᠢᠹᠤᠰᠧ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ ᠤᠨ ᠵᠠᠷᠯᠠᠯ ︵119 ᠲᠣᠭᠠᠲᠤ︶
ᠨᠡᠶᠢᠲᠡᠯᠡᠭᠰᠡᠨ ᠴᠠᠭ᠄
2022/11/25
   ᠳᠠᠯᠳᠠ ᠭᠡᠮ ᠢ ᠪᠦᠬᠦ ᠲᠠᠯ᠎ᠠ ᠪᠠᠷ ᠪᠠᠶᠢᠴᠠᠭᠠᠨ ᠢᠯᠡᠷᠡᠬᠦᠯᠵᠦ᠂  ᠬᠠᠯᠳᠠᠪᠤᠷᠢ ᠶᠢᠨ ᠠᠶᠤᠯ ᠢ ᠬᠠᠮᠤᠭ ᠶᠡᠭᠡ ᠪᠠᠷ ᠪᠠᠭᠠᠰᠬᠠᠨ᠂ ᠥᠷᠭᠡᠨ ᠣᠯᠠᠨ ᠠᠷᠠᠳ ᠢᠷᠭᠡᠳ ᠤᠨ ᠠᠮᠢ ᠨᠠᠰᠤᠨ ᠤ ᠠᠮᠤᠷ ᠲᠦᠪᠰᠢᠨ ᠪᠠ ᠪᠡᠶ᠎ᠡ ᠮᠠᠬᠠᠪᠤᠳ ᠤᠨ ᠡᠷᠡᠭᠦᠯ ᠮᠡᠨᠳᠦ ᠶᠢ ᠪᠠᠳᠤᠯᠠᠬᠤ ᠶᠢᠨ ᠲᠦᠯᠦᠭᠡ᠂  ᠮᠠᠨ ᠤ ᠬᠤᠰᠢᠭᠤ ᠨᠢ 11 ᠰᠠᠷ᠎ᠠ ᠶᠢᠨ 26 ᠤ ᠡᠳᠦᠷ ᠠᠴᠠ 11 ᠰᠠᠷ᠎ᠠ ᠶᠢᠨ 28 ᠤ ᠡᠳᠦᠷ ᠪᠣᠯᠲᠠᠯ᠎ᠠ ᠨᠢᠬᠡ ᠭᠡᠰᠡᠭ ᠭᠤᠣᠯᠳᠠᠯᠭ᠎ᠠ ᠲᠠᠢ ᠣᠷᠣᠨ ᠪᠦᠰᠡ ᠳᠤ 3 ᠡᠭᠡᠯᠵᠢ ᠶᠢᠨ ᠪᠥᠭᠡᠮ ᠬᠦᠴᠢᠯ ᠤᠨ ᠪᠠᠶᠢᠴᠠᠭᠠᠯᠲᠡ ᠬᠢᠵᠦ᠂ 11 ᠰᠠᠷ᠎ᠠ ᠶᠢᠨ 29 ᠤ ᠡᠳᠦᠷ ᠪᠤᠤᠴᠠᠩ ᠪᠠᠯᠭᠠᠰᠤᠨ ᠤ ᠪᠦᠬᠦ ᠬᠤᠲᠠ ᠶᠢᠨ ᠲᠣᠭᠤᠷᠢᠭ ᠵᠢᠴᠢ  ᠬᠡᠰᠡᠭ ᠭᠠᠴᠠᠭ᠎ᠠ ᠲᠣᠰᠬᠤᠨ ᠳᠤ ᠪᠠᠰᠠ 1 ᠡᠭᠡᠯᠵᠢ ᠶᠢᠨ ᠪᠥᠭᠡᠮ ᠬᠦᠴᠢᠯ ᠤᠨ ᠪᠠᠶᠢᠴᠠᠭᠠᠯᠲᠡ  ᠬᠢᠬᠦ ᠪᠠᠷ ᠲᠤᠭᠳᠠᠵᠠᠢ  ᠃ ᠤᠳᠤ ᠬᠤᠯᠪᠣᠭᠳᠠᠯ ᠪᠦᠬᠦᠢ ᠤᠴᠢᠷ ᠢ ᠳᠣᠣᠷᠠᠬᠢ ᠮᠡᠲᠦ ᠮᠡᠳᠡᠭᠳᠡᠶ᠎ᠡ᠄     ᠨᠢᠭᠡ᠂  ᠬᠠᠮᠤᠷᠬᠤ ᠤᠷᠤᠨ ᠪᠠ ᠬᠢᠬᠦ ᠴᠠᠭ      ᠪᠤᠤᠴᠠᠩ ᠪᠠᠯᠭᠠᠰᠤᠨ ᠤ ︽ᠠᠵᠠᠳᠠᠢ︾ ᠪᠠᠭᠤᠳᠠᠯ   ᠠᠴᠠ ︽ ᠶᠢᠨ ᠳ᠋ᠢᠩ︾ ᠪᠠᠭᠤᠳᠠᠯ  ᠬᠦᠷᠳᠡᠯᠡᠬᠢ ᠳᠡᠯᠭᠡᠭᠦᠷ ᠬᠤᠳᠠᠯᠳᠤᠭ᠎ᠠ  ᠂  ᠪᠤᠤᠴᠠᠩ ᠪᠠᠯᠭᠠᠰᠤᠨ ᠤ ︽ᠰᠢᠶᠣᠣ ᠪᠠᠢ︾ ᠨᠣᠭᠤᠭ᠎ᠠ ᠮᠢᠬᠠᠨ ᠤ ᠳᠡᠯᠭᠡᠭᠦᠷ ᠠᠴᠠ  ︽ᠮᠠᠨ ᠵᠢᠶᠧ ᠰᠢᠶᠠᠩ  ︾  ᠬᠤᠭᠤᠯᠠᠨ ᠭᠡᠷ  ᠬᠦᠷᠳᠡᠯᠡᠬᠢ ᠳᠡᠯᠭᠡᠭᠦᠷ ᠬᠤᠳᠠᠯᠳᠤᠭ᠎ᠠ  ᠂ ᠬᠤᠩ ᠴᠢ ᠪᠠᠯᠭᠠᠰᠤᠨ ᠤ  ᠴᠢᠶᠠᠨ ᠶᠦᠩ ᠲᠣᠰᠬᠤᠨ᠂ ᠱᠤᠸᠠᠩ ᠱᠧᠩ ᠲᠣᠰᠬᠤᠨ᠂ ᠶᠤᠸᠠᠢ ᠶᠢᠨ ᠲᠣᠰᠬᠤᠨ  ᠂  ᠶᠦᠩ ᠹᠧᠩ ᠪᠠᠯᠭᠠᠰᠤᠨ ᠤ ᠴᠢᠶᠠᠨ ᠹᠠᠩ ᠽᠢ ᠲᠣᠰᠬᠤᠨ ᠤ ᠰᠠᠭᠠᠯᠢ   ᠶᠢᠨ ᠦᠨᠢᠶᠡᠨ ᠤ ᠲᠣᠭᠤᠷᠢᠭ   ᠨᠢ 11 ᠰᠠᠷ᠎ᠠ ᠶᠢᠨ 26 ᠤ ᠡᠳᠦᠷ ᠂ 27 ᠤ ᠡᠳᠦᠷ᠂  28 ᠤ ᠡᠳᠦᠷ ᠲᠤᠰᠪᠤᠷᠢ ᠨᠢᠬᠡ ᠤᠳᠠᠭ᠎ᠠ ᠬᠢᠨ᠎ᠡ᠃     ᠯᠦᠸᠧ ᠲᠦᠸᠧ ᠱᠠᠨ ᠪᠠᠯᠭᠠᠰᠤᠨ ᠤ ᠬᠤᠩ ᠰᠢᠩ ᠲᠣᠰᠬᠤᠨ᠂ ᠴᠢᠶᠠᠨ ᠶᠢᠨ ᠭᠧᠦ  ᠪᠠᠯᠭᠠᠰᠤᠨ ᠤ ᠰᠧ ᠯᠢᠶᠠᠨ ᠲᠣᠰᠬᠤᠨ᠂  ᠮᠤ᠋ ᠴᠠᠩ ᠲᠣᠰᠬᠤᠨ᠂ ᠰᠢ ᠱᠠᠨ ᠫᠦᠸᠧ ᠲᠣᠰᠬᠤᠨ᠂ ᠭᠧᠦ ᠮᠧᠨ ᠲᠣᠰᠬᠤᠨ᠂ ᠵᠢᠶᠠᠨ ᠭᠦᠸᠧ ᠲᠣᠰᠬᠤᠨ᠂ ᠰᠢᠩ ᠯᠦᠩ ᠭᠧᠦ ᠲᠣᠰᠬᠤᠨ᠂ ᠵᠢᠦ ᠶᠢᠩ ᠫᠠᠨ ᠲᠣᠰᠬᠤᠨ᠂ ᠳ᠋ᠦᠩ ᠭᠧ ᠯᠢᠶᠠᠩ ᠲᠣᠰᠬᠤᠨ ᠂ ᠰᠠᠨ ᠵᠢᠶᠧ ᠲᠣᠰᠬᠤᠨ᠂ ᠴᠠᠪ ᠨᠠᠭᠤᠷ ᠲᠣᠰᠬᠤᠨ᠂ ᠮᠢᠨ ᠵᠦᠩ ᠲᠣᠰᠬᠤᠨ᠂ ᠲᠠᠢ ᠫᠢᠩ ᠭᠧᠦ ᠲᠣᠰᠬᠤᠨ᠂  ᠬᠦᠨᠪᠤᠯᠠᠭ ᠰᠤᠮᠤᠨ ᠤ ᠰᠠᠶᠢᠬᠠᠨᠨᠠᠭᠤᠷ ᠭᠠᠴᠠᠭ᠎ᠠ ᠂ ᠰᠢᠩ ᠹᠦ᠋ ᠰᠢᠶᠠᠩ ᠤᠨ ᠨᠠᠨ ᠳ᠋ᠢ ᠹᠠᠩ ᠲᠣᠰᠬᠤᠨ᠂ ᠬᠤᠩ ᠭᠧ ᠲᠣᠰᠬᠤᠨ᠂ ᠰᠢᠶᠣᠣ ᠶᠢᠩ ᠫᠠᠨ ᠲᠣᠰᠬᠤᠨ᠂  ᠨᠤᠤ ᠶᠠᠨ ᠲᠣᠰᠬᠤᠨ᠂ ᠶᠢᠨ ᠵᠠᠨ ᠲᠣᠰᠬᠤᠨ᠂ ᠴᠥᠩ ᠭᠤᠸᠠᠩ ᠲᠣᠰᠬᠤᠨ᠂ ᠶᠦᠩ ᠬᠤᠩ ᠲᠣᠰᠬᠤᠨ᠂  ᠬᠦᠩ ᠴᠢᠩ ᠲᠣᠰᠬᠤᠨ᠂  ᠭᠦᠩ ᠹᠦ᠋ ᠲᠣᠰᠬᠤᠨ ᠤ ᠬᠢᠨ 11 ᠰᠠᠷ᠎ᠠ ᠶᠢᠨ 26᠂ 28 ᠤ ᠡᠳᠦᠷ ᠲᠤᠰᠪᠤᠷᠢ ᠨᠢᠬᠡ ᠤᠳᠠᠭ᠎ᠠ ᠬᠢᠨ᠎ᠡ᠃     11 ᠰᠠᠷ᠎ᠠ ᠶᠢᠨ 29 ᠤ ᠡᠳᠦᠷ ᠪᠤᠤᠴᠠᠩ ᠪᠠᠯᠭᠠᠰᠤᠨ ᠤ ᠪᠦᠬᠦ ᠬᠤᠲᠠ ᠶᠢᠨ ᠲᠣᠭᠤᠷᠢᠭ ᠵᠢᠴᠢ ᠳᠡᠭᠡᠷ᠎ᠡ ᠳᠤᠷᠠᠳᠤᠭᠰᠠᠨ ᠭᠤᠣᠯᠳᠠᠯᠭ᠎ᠠ ᠲᠠᠢ ᠣᠷᠣᠨ ᠪᠦᠰᠡ ᠨᠢ  ᠪᠠᠰᠠ ᠨᠢᠬᠡ ᠤᠳᠠᠭᠠᠨ ᠤ ᠪᠠᠶᠢᠴᠠᠭᠠᠯᠳᠠ ᠬᠢᠨ᠎ᠡ᠃       ᠬᠤᠶᠠᠷ᠂ ᠠᠩᠬᠠᠷᠬᠤ ᠵᠦᠢᠯ     ︵ᠨᠢᠭᠡ︶ ᠪᠥᠭᠡᠮ ᠬᠦᠴᠢᠯ ᠤᠨ ᠪᠠᠶᠢᠴᠠᠭᠠᠯᠳᠠ ᠬᠢᠬᠦ ᠳᠤ ᠪᠡᠶ᠎ᠡ ᠶᠢᠨ ᠦᠨᠡᠮᠯᠡᠯ ᠪᠤᠶᠤ ᠭᠠᠷ ᠤᠳᠠᠰᠤ ︵ᠡᠷᠡᠭᠦᠯ ᠮᠡᠨᠳᠦ ᠶᠢᠨ ᠺᠤᠳ᠋︶  ᠪᠠᠨ ᠠᠪᠬᠤ ᠬᠡᠷᠡᠭᠲᠡᠢ᠂ ᠡᠭᠦᠨ ᠳᠤ  ᠪᠤᠤᠴᠠᠩ ᠪᠠᠯᠭᠠᠰᠤᠨ ᠤ ︽ᠠᠵᠠᠳᠠᠢ︾ ᠪᠠᠭᠤᠳᠠᠯ   ᠠᠴᠠ ︽ ᠶᠢᠨ ᠳ᠋ᠢᠩ︾ ᠪᠠᠭᠤᠳᠠᠯ  ᠬᠦᠷᠳᠡᠯᠡᠬᠢ ᠳᠡᠯᠭᠡᠭᠦᠷ ᠬᠤᠳᠠᠯᠳᠤᠭ᠎ᠠ  ᠂  ᠪᠤᠤᠴᠠᠩ ᠪᠠᠯᠭᠠᠰᠤᠨ ᠤ ︽ᠰᠢᠶᠣᠣ ᠪᠠᠢ︾ ᠨᠣᠭᠤᠭ᠎ᠠ ᠮᠢᠬᠠᠨ ᠤ ᠳᠡᠯᠭᠡᠭᠦᠷ ᠠᠴᠠ  ︽ᠮᠠᠨ ᠵᠢᠶᠧ ᠰᠢᠶᠠᠩ  ︾  ᠬᠤᠭᠤᠯᠠᠨ ᠭᠡᠷ  ᠬᠦᠷᠳᠡᠯᠡᠬᠢ ᠳᠡᠯᠭᠡᠭᠦᠷ ᠬᠤᠳᠠᠯᠳᠤᠭ᠎ᠠ ᠶᠢ ᠭᠡᠷ ᠲᠤᠨᠢ  ᠬᠦᠷᠴᠦ  ᠪᠠᠶᠢᠴᠠᠭᠠᠯᠳᠠ ᠬᠢᠨ᠎ᠡ  ᠃ ᠪᠤᠰᠤᠳ ᠭᠠᠴᠠᠭ᠎ᠠ ᠲᠣᠰᠬᠤᠨ ᠤ ᠬᠢᠨ  ᠲᠤᠭᠳᠠᠭᠰᠠᠨ ᠭᠠᠵᠠᠷ ᠲᠤ ᠬᠦᠷᠴᠦ ᠡᠮᠬᠢ ᠲᠢᠭᠯᠡᠮ ᠲᠠᠢ ᠪᠠᠷ ᠪᠠᠶᠢᠴᠠᠭᠠᠯᠳᠠ ᠬᠢᠯᠭᠡᠨ᠎ᠡ᠃ ᠬᠡᠬᠦ  ᠳᠡᠭᠡᠨ 1.5 ᠮᠧᠲᠷ ᠤᠨ ᠠᠶᠤᠯᠬᠦᠢ ᠵᠠᠢ ᠶᠢ ᠪᠠᠳᠤᠯᠠᠬᠤ ᠭᠡᠷᠡᠭᠳᠡᠢ᠃ ᠪᠠᠶᠢᠴᠠᠭᠠᠯᠳᠠ ᠬᠢᠭᠰᠡᠨ ᠤ ᠲᠠᠷᠠᠭ᠎ᠠ ︽ᠭᠡᠷᠡᠴᠢᠯᠡᠬᠦ ᠨᠠᠭᠠᠯᠳᠠ︾ ᠪᠠᠨ ᠠᠪᠴᠤ ᠳᠠᠷᠤᠶᠢᠬᠠᠨ ᠭᠡᠷ ᠲᠡᠭᠡᠨ ᠬᠠᠷᠢᠵᠠᠭᠠᠨ᠎ᠠ᠂ ᠴᠢᠬᠤᠯᠠ  ᠦᠬᠡᠢ ᠪᠤᠯ ᠭᠠᠴᠠᠭ᠎ᠠ ᠲᠣᠰᠬᠤᠨ ᠠᠴᠠ ᠭᠠᠷᠬᠤ ᠦᠭᠡᠢ  ᠃     ︵ᠬᠤᠶᠠᠷ︶ ᠳᠡᠭᠡᠷ᠎ᠡ ᠳᠤᠷᠠᠳᠤᠭᠰᠠᠨ ᠠᠴᠠ ᠪᠤᠰᠤᠳ ᠭᠠᠵᠠᠷ ᠣᠷᠣᠨ ᠤ ᠬᠢᠨ  ᠬᠡᠪ ᠤᠨ ᠦᠢᠯᠡᠳᠪᠦᠷᠢᠯᠡᠯ ᠠᠮᠢᠳᠤᠷᠠᠯ ᠢᠶᠠᠨ ᠶᠠᠪᠤᠭᠳᠠᠭᠤᠯᠤᠨ᠎ᠠ᠃  ᠭᠡᠬᠦ ᠳᠡᠭᠡᠨ ᠬᠤᠭᠤᠯᠠᠨ ᠭᠡᠷ ᠲᠤ ᠤᠴᠢᠵᠤ ᠢᠳᠡᠬᠦ ᠦᠭᠡᠢ᠂ ᠰᠤᠷᠭᠠᠭᠤᠯᠢ ᠨᠤᠭᠤᠳ ᠰᠦᠯᠵᠢᠶᠡᠨ ᠤ ᠬᠢᠴᠢᠶᠡᠯ ᠤᠷᠤᠵᠤ᠂  ᠡᠯ᠎ᠡ ᠲᠦᠷᠦᠯ ᠤᠨ ᠡᠵᠡᠩᠨᠡᠯᠳᠡ ᠶᠢᠨ ᠲᠠᠯᠠᠪᠤᠷ ᠤᠨ ᠡᠵᠡᠩᠨᠡᠯᠲᠡ ᠪᠠᠨ ᠵᠤᠭᠰᠤᠵᠤ᠂  ᠬᠤᠷᠢᠮ ᠨᠠᠶᠢᠷ ᠤᠨ ᠶᠣᠰᠣᠯᠠᠯ ᠵᠡᠷᠭᠡ ᠴᠤᠭᠯᠠᠷᠠᠯ ᠤᠨ ᠴᠢᠨᠠᠷᠲᠠᠢ ᠠᠵᠢᠯᠯᠠᠭ᠎ᠠ ᠶᠢ ᠵᠣᠭᠰᠣᠭᠠᠨ᠎ᠠ᠃ ᠡᠵᠡᠩᠨᠡᠯᠲᠡ  ᠰᠡᠷᠭᠦᠭᠡᠬᠦ ᠴᠠᠭ ᠢ ᠬᠢᠵᠢᠭ ᠤᠨ ᠪᠠᠶᠢᠳᠠᠯ ᠢ ᠦᠵᠡᠵᠦ ᠪᠠᠶᠢᠭᠠᠳ  ᠲᠠᠬᠢᠵᠤ  ᠮᠡᠳᠡᠭᠳᠡᠨ᠎ᠡ᠃     ︵ᠭᠤᠷᠪᠠ︶ ᠣᠳᠣᠬᠠᠨ ᠳᠤ ᠮᠠᠨ ᠤ ᠬᠤᠰᠢᠭᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠮᠠᠰᠢ ᠲᠣᠭᠲᠠᠭᠤᠨ ᠪᠠᠶᠢᠵᠤ᠂ ᠡᠯ᠎ᠡ ᠲᠥᠷᠥᠯ ᠤᠨ ᠠᠮᠢᠳᠤᠷᠠᠯ ᠤᠨ ᠴᠢᠬᠤᠯᠠ ᠭᠡᠷᠡᠭᠯᠡᠭᠡᠨ ᠤ ᠵᠦᠢᠯ ᠤᠨ ᠬᠠᠩᠭᠠᠯᠭ᠎ᠠ ᠪᠠ ᠡᠮᠴᠢᠯᠡᠭᠡᠨ ᠤ ᠡᠳ᠋ ᠪᠣᠳᠠᠰ ᠤᠨ ᠨᠥᠭᠡᠴᠡ  ᠪᠦᠷᠢᠨ ᠪᠠᠶᠢᠭ᠎ᠠ᠂ ᠥᠷᠭᠡᠨ ᠣᠯᠠᠨ ᠰᠠᠭᠤᠭᠠᠯᠢ ᠠᠷᠠᠳ ᠴᠤᠤᠷᠬᠠᠯ ᠢ ᠢᠲᠡᠭᠡᠬᠦ ᠦᠭᠡᠢ᠂ ᠴᠤᠤᠷᠬᠠᠯ ᠢ ᠲᠠᠷᠬᠠᠭᠠᠬᠤ ᠦᠭᠡᠢ᠂ ᠴᠤᠤᠷᠬᠠᠯ   ᠢ ᠲᠠᠮᠵᠢᠭᠤᠯᠬᠤ ᠦᠭᠡᠢ ᠪᠠᠶᠢᠵᠤ᠂  ᠪᠠᠷᠠᠭ᠎ᠠ ᠲᠠᠸᠠᠷ   ᠪᠤᠯᠢᠶᠠᠯᠳᠤᠨ ᠠᠪᠬᠤ ᠶᠢ ᠴᠡᠭᠡᠷᠯᠡᠭᠳᠦᠨ᠂ ᠴᠤᠤᠷᠬᠠᠯ  ᠲᠠᠷᠬᠠᠭᠠᠭᠰᠠᠳ ᠠᠴᠠ ᠬᠠᠤᠯᠢ ᠲᠣᠭᠲᠠᠭᠠᠯ ᠶᠣᠰᠣᠭᠠᠷ ᠬᠠᠷᠢᠭᠤᠴᠠᠯᠭ᠎ᠠ ᠨᠡᠬᠡᠮᠵᠢᠯᠡᠬᠦ ᠪᠤᠯᠤᠨ᠎ᠠ᠃                                                                     ᠲᠠᠶᠢᠹᠤᠰᠧ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ                  ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ                                                                                             2022 ᠣᠨ ᠤ 11 ᠰᠠᠷ᠎ᠠ ᠶᠢᠨ 25 ᠤ ᠡᠳᠦᠷ
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号