ᠲᠠᠶᠢᠹᠤᠰᠧ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ ᠤᠨ ᠵᠠᠷᠯᠠᠯ ︵116 ᠲᠣᠭᠠᠲᠤ︶
ᠨᠡᠶᠢᠲᠡᠯᠡᠭᠰᠡᠨ ᠴᠠᠭ᠄
2022/11/19
ᠣᠳᠣᠬᠠᠨ ᠤ ᠬᠢᠵᠢᠭ ᠤᠨ ᠪᠠᠶᠢᠳᠠᠯ ᠢ ᠦᠨᠳᠦᠰᠦᠯᠡᠨ᠂ ᠮᠠᠨ ᠤ ᠬᠤᠰᠢᠭᠤᠨ ᠤ ᠪᠠᠨ ᠰᠡᠷᠭᠡᠶᠢᠯᠡᠯᠲᠡ ᠶᠢᠨ ᠱᠤᠭᠤᠮ ᠢ ᠤᠯᠠᠮ ᠪᠠᠳᠤᠳᠬᠠᠬᠤ ᠶᠢᠨ ᠲᠤᠰᠠᠳᠠ᠂ ᠬᠤᠯᠪᠣᠭᠳᠠᠯ ᠪᠦᠬᠦᠢ ᠤᠴᠢᠷ ᠢ ᠳᠣᠣᠷᠠᠬᠢ ᠮᠡᠲᠦ ᠮᠡᠳᠡᠭᠳᠡᠶ᠎ᠡ᠄     ᠨᠢᠭᠡ᠂ ᠪᠣᠶ ᠪᠦᠬᠦᠢ ᠭᠠᠳᠠᠨ᠎ᠠ ᠠᠴᠠ ᠢᠷᠡᠭᠰᠡᠨ ᠬᠥᠮᠥᠰ ᠡᠷᠬᠡᠪᠰᠢ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ  ᠂ ᠵᠤᠴᠢᠳ ᠤᠨ ᠪᠠᠭᠤᠳᠠᠯ ᠳᠠᠭᠠᠨ ᠤᠷᠢᠳᠴᠢᠯᠠᠨ ᠲᠠᠩᠰᠠᠯᠠᠭᠤᠯᠵᠤ᠂ 48 ᠴᠠᠭ ᠤᠨ ᠳᠣᠲᠣᠷᠠᠬᠢ ᠪᠥᠭᠡᠮ ᠬᠦᠴᠢᠯ ᠤᠨ ᠪᠢᠯᠢᠭ ᠴᠢᠨᠠᠷ ᠤᠨ ᠭᠡᠷᠡᠴᠢ ᠲᠠᠢ ᠪᠠᠶᠢᠬᠤ ᠭᠡᠷᠡᠭᠳᠡᠢ᠂ ᠵᠠᠮ ᠬᠠᠷᠢᠯᠴᠠᠭᠠᠨ ᠤ ᠪᠣᠭᠤᠮᠲᠠ ᠲᠡᠭᠡᠷ᠎ᠡ ᠡᠷᠬᠡᠪᠰᠢ ᠲᠤᠰᠤᠨ ᠠᠪᠬᠤ ᠬᠦᠮᠦᠨ ᠪᠤᠶᠤ ᠨᠢᠭᠡᠴᠡ ᠶᠢᠨ ᠢᠶᠠᠨ ᠮᠡᠳᠡᠭᠡ ᠵᠠᠩᠭᠢ ᠶᠢ ᠬᠠᠩᠭᠠᠨ᠎ᠠ᠃  ᠵᠠᠮ ᠬᠠᠷᠢᠯᠴᠠᠭᠠᠨ ᠤ ᠪᠣᠭᠤᠮᠲᠠ ᠨᠢ ᠮᠡᠳᠡᠭᠦᠯᠦᠨ ᠳᠠᠩᠰᠠᠯᠠᠭᠤᠯᠤᠭᠰᠠᠨ ᠪᠠᠶᠢᠳᠠᠯ ᠪᠤᠶᠤ ᠭᠥᠯᠢᠶᠡᠨ  ᠠᠪᠬᠤ ᠭᠡᠷᠡᠴᠢ ᠶᠢ ᠬᠢᠨᠠᠨ ᠪᠠᠶᠢᠴᠠᠭᠠᠭᠰᠠᠨ ᠤ ᠳᠠᠷᠠᠭ᠎ᠠ ᠰᠠᠶ᠋ᠢ ᠮᠠᠨ ᠤ ᠬᠤᠰᠢᠭᠤᠨ ᠳᠤ ᠤᠷᠤᠬᠤ ᠶᠢ ᠵᠦᠪᠰᠢᠶᠡᠷᠡᠨ᠎ᠡ᠃     ᠬᠤᠶᠠᠷ᠂  ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠣᠭᠲᠠᠭᠰᠠᠨ ᠡᠮᠴᠢᠯᠡᠭᠡᠨ ᠤ ᠪᠠᠶᠢᠭᠤᠯᠤᠮᠵᠢ ᠪᠤᠶᠤ ᠲᠦᠷ ᠴᠠᠭ ᠤᠨ ᠡᠮᠨᠡᠯᠭᠡ ᠶᠢᠨ ᠪᠠᠶᠢᠭᠤᠯᠤᠮᠵᠢ ᠳᠤ ᠡᠮᠨᠡᠬᠦᠯᠦᠭᠡᠳ ᠪᠤᠴᠠᠵᠤ ᠢᠷᠡᠬᠦ ᠬᠥᠮᠥᠰ ᠭᠠᠴᠠᠭ᠎ᠠ ᠲᠣᠰᠬᠤᠨ  ᠂ ᠨᠡᠶᠢᠭᠡᠮ ᠲᠣᠭᠤᠷᠢᠭ ᠲᠠᠭᠠᠨ ᠤᠷᠢᠳᠴᠢᠯᠠᠨ  ᠲᠠᠩᠰᠠᠯᠠᠭᠤᠯᠵᠤ᠂ ᠬᠤᠪᠢ ᠬᠥᠮᠥᠨ ᠤ ᠨᠠᠷᠢᠨ ᠪᠠᠶᠢᠳᠠᠯ ᠢᠶᠠᠨ ᠦᠨᠡᠨ ᠮᠥᠨ ᠢᠶᠠᠷ ᠮᠡᠳᠡᠬᠦᠯᠦᠨ᠂ ᠪᠥᠭᠡᠮ ᠬᠦᠴᠢᠯ ᠤᠨ ᠪᠠᠶᠢᠴᠠᠭᠠᠯᠲᠡ᠂ ᠡᠷᠡᠭᠦᠯ ᠮᠡᠨᠳᠦ ᠶᠢᠨ ᠠᠵᠢᠭᠯᠠᠯᠳᠠ ᠵᠡᠷᠭᠡ ᠠᠷᠭ᠎ᠠ ᠲᠦᠷᠢᠮ ᠢ ᠬᠠᠮᠵᠢᠯᠴᠠᠨ ᠨᠠᠶᠢᠳᠠᠪᠤᠷᠢᠵᠢᠭᠤᠯᠬᠤ ᠬᠡᠷᠡᠭᠲᠡᠢ᠃     ᠭᠤᠷᠪᠠ᠂ ᠬᠥᠬᠡᠬᠤᠲᠠ᠂ ᠱᠢ ᠵᠢᠶᠠ ᠵᠤᠸᠠᠩ᠂ ᠰᠢᠨᠵᠢᠶᠠᠩ ᠵᠡᠷᠭᠡ ᠭᠤᠣᠯᠳᠠᠯᠭ᠎ᠠ ᠲᠠᠢ ᠭᠠᠵᠠᠷ ᠣᠷᠣᠨ ᠠᠴᠠ ᠢᠷᠡᠭᠰᠡᠨ ᠬᠥᠮᠥᠰ ︽7 ᠡᠳᠦᠷ  ᠭᠡᠷ ᠲᠡᠭᠡᠨ ᠲᠤᠰᠠᠭᠠᠷᠯᠠᠬᠤ + 1᠂ 3᠂ 5᠂ 7  ᠳ᠋ᠤᠭᠠᠷ ᠡᠳᠦᠷ ᠲᠤ ᠲᠤᠰᠪᠤᠷᠢ ᠪᠥᠭᠡᠮ ᠬᠦᠴᠢᠯ ᠤᠨ ᠪᠠᠶᠢᠴᠠᠭᠠᠯᠲᠡ ᠬᠢᠬᠦ︾  ᠶᠢ ᠨᠠᠶᠢᠳᠠᠪᠤᠷᠢᠵᠢᠭᠤᠯᠤᠨ᠎ᠠ᠂ ᠡᠨᠡ ᠬᠤᠭᠤᠴᠠᠭᠠᠨ ᠳᠤ ᠴᠢᠬᠤᠯᠠ ᠦᠭᠡᠢ ᠪᠤᠯ ᠭᠠᠳᠠᠭᠰᠢ ᠭᠠᠷᠬᠤ ᠦᠭᠡᠢ᠂ ᠬᠥᠮᠥᠨ ᠤᠯᠠᠨᠳᠠᠢ ᠭᠠᠵᠠᠷ ᠲᠤ ᠣᠴᠢᠬᠤ ᠦᠭᠡᠢ ᠪᠠᠶᠢᠬᠤ ᠭᠡᠷᠡᠭᠳᠡᠢ᠃     ᠳᠥᠷᠪᠡ᠂ ᠡᠯ᠎ᠡ ᠲᠥᠷᠥᠯ ᠤᠨ ᠬᠦᠮᠦᠨ ᠤᠯᠠᠨᠳᠠᠢ ᠨᠡᠶᠢᠲᠡ ᠶᠢᠨ ᠲᠠᠯᠠᠪᠤᠷ  ᠨᠢ ᠡᠷᠭᠡᠪᠰᠢ ᠠᠮᠠᠪᠴᠢ ᠵᠡᠭᠦᠬᠦ᠂ ᠲᠠᠯᠠᠪᠤᠷ ᠤᠨ ᠺᠤᠳ᠋ ᠰᠢᠷᠪᠢᠬᠦ  ᠪᠠ  ᠠᠶᠠᠯᠠᠯ ᠤᠨ ᠺᠤᠳ᠋᠂ ᠡᠷᠡᠭᠦᠯ ᠮᠡᠨᠳᠦ ᠶᠢᠨ ᠺᠤᠳ᠋ ᠢ ᠰᠢᠯᠭᠠᠬᠤ᠂ ᠰᠠᠯᠬᠢ ᠨᠡᠪᠳᠡᠷᠡᠬᠦᠯᠵᠦ ᠠᠷᠢᠭᠤᠳᠬᠠᠯ ᠬᠢᠬᠦ᠂ ᠡᠷᠡᠭᠦᠯ ᠮᠡᠨᠳᠦ ᠶᠢ ᠬᠢᠨᠠᠨ ᠠᠵᠢᠭᠯᠠᠬᠤ ᠵᠡᠷᠭᠡ ᠡᠯ᠎ᠡ  ᠲᠦᠷᠦᠯ ᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠡᠷᠡᠰ ᠨᠠᠶᠢᠳᠠᠪᠤᠷᠢᠵᠢᠭᠤᠯᠵᠤ᠂  ᠡᠷᠳᠡ ᠠᠴᠠ ᠢᠯᠡᠷᠡᠬᠦᠯᠬᠦ᠂ ᠨᠠᠷᠢᠯᠢᠭ ᠣᠨᠣᠴᠠᠲᠠᠢ ᠪᠠᠷ ᠰᠡᠷᠭᠡᠶᠢᠯᠡᠨ ᠡᠵᠡᠮᠳᠡᠬᠦ ᠶᠢ ᠦᠨᠡᠨᠬᠦ ᠪᠡᠶᠡᠯᠡᠭᠦᠯᠬᠦ ᠬᠡᠷᠡᠭᠲᠡᠢ᠃  ᠠᠵᠢᠯ ᠲᠥᠷᠥᠯ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠥᠴᠢᠷ ᠤᠳ ᠨᠢ ᠬᠢᠨᠠᠨ ᠪᠠᠶᠢᠴᠠᠭᠠᠬᠤ ᠡᠷᠴᠢᠮ ᠢᠶᠠᠨ ᠴᠢᠩᠭᠠᠷᠠᠭᠤᠯᠵᠤ᠂  ᠴᠢᠩᠭ᠎ᠠ ᠨᠠᠶᠢᠳᠠᠪᠤᠷᠢᠵᠢᠭᠤᠯᠤᠭᠰᠠᠨ ᠦᠬᠡᠢ ᠡᠵᠡᠩᠨᠡᠯᠳᠡ ᠶᠢᠨ ᠨᠢᠬᠡᠴᠡ ᠳᠤ ᠠᠵᠢᠯ ᠢ ᠨᠢ ᠵᠣᠭᠰᠣᠭᠠᠨ ᠴᠡᠭᠴᠡᠯᠡᠯᠳᠡ ᠬᠢᠨ᠎ᠡ᠃      ᠬᠤᠰᠢᠭᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ᠄ 0479 ︱ 5230665      ᠬᠤᠰᠢᠭᠤᠨ ᠤ ᠡᠪᠡᠳᠴᠢᠨ ᠲᠠᠬᠤᠯ ᠰᠡᠷᠭᠡᠶᠢᠯᠡᠨ ᠡᠵᠡᠮᠳᠡᠬᠦ ᠲᠥᠪ ᠄ 13947999675      ᠪᠤᠤᠴᠠᠩ ᠪᠠᠯᠭᠠᠰᠤ  ᠄ 0479 ︱ 5222227      ᠵᠢᠶᠠᠨ ᠰᠢᠩ ᠨᠡᠶᠢᠭᠡᠮ ᠲᠣᠭᠤᠷᠢᠭ᠄ 13644792511      ᠪᠦᠦ ᠹᠧᠩ ᠨᠡᠶᠢᠭᠡᠮ ᠲᠣᠭᠤᠷᠢᠭ᠄ 13947930729      ᠨᠠᠨ ᠵᠢᠶᠣᠣ ᠨᠡᠶᠢᠭᠡᠮ ᠲᠣᠭᠤᠷᠢᠭ᠄ 18847938988      ᠰᠢᠨ ᠬᠤᠸᠠ ᠬᠤᠷᠢᠶᠠᠨ ᠤ ᠲᠣᠭᠤᠷᠢᠭ᠄ 13947395770       ᠲᠠᠢ ᠫᠢᠩ ᠨᠡᠶᠢᠭᠡᠮ ᠲᠣᠭᠤᠷᠢᠭ᠄ 15849930009      ᠳ᠋ᠦᠩ ᠵᠢᠶᠣᠣ ᠨᠡᠶᠢᠭᠡᠮ ᠲᠣᠭᠤᠷᠢᠭ᠄ 13947966967      ᠬᠦᠨᠪᠤᠯᠠᠭ  ᠰᠤᠮᠤᠨ ᠤ ᠵᠢᠵᠢᠭᠦᠷᠯᠡᠬᠦ ᠤᠲᠠᠰᠤ᠄ 0479 ︱ 5887015     13234794613      ᠴᠢᠶᠠᠨ ᠶᠢᠨ ᠭᠧᠦ ᠪᠠᠯᠭᠠᠰᠤᠨ ᠤ ᠵᠢᠵᠢᠭᠦᠷᠯᠡᠬᠦ ᠤᠲᠠᠰᠤ᠄ 0479-2265514    15249535203      ᠬᠤᠩ ᠴᠢ ᠪᠠᠯᠭᠠᠰᠤᠨ ᠤ ᠵᠢᠵᠢᠭᠦᠷᠯᠡᠬᠦ ᠤᠲᠠᠰᠤ᠄ 0479 ︱ 5823064      ᠯᠦᠸᠧ ᠲᠦᠸᠧ ᠱᠠᠨ ᠪᠠᠯᠭᠠᠰᠤᠨ ᠤ ᠵᠢᠵᠢᠭᠦᠷᠯᠡᠬᠦ ᠤᠲᠠᠰᠤ᠄ 0479 ︱ 5855017      ᠶᠦᠩ ᠹᠧᠩ ᠪᠠᠯᠭᠠᠰᠤᠨ ᠤ ᠵᠢᠵᠢᠭᠦᠷᠯᠡᠬᠦ ᠤᠲᠠᠰᠤ᠄ 0479-2265106      ᠰᠢᠩ ᠹᠦ᠋ ᠰᠢᠶᠠᠩ ᠤᠨ ᠵᠢᠵᠢᠭᠦᠷᠯᠡᠬᠦ ᠤᠲᠠᠰᠤ᠄ 0479-5899968    15547956376                                                  ᠲᠠᠶᠢᠹᠤᠰᠧ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ                 ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ  ᠵᠢᠯᠤᠭᠤᠳᠬᠤ ᠭᠠᠵᠠᠷ                                                                                              2022 ᠣᠨ ᠤ 11 ᠰᠠᠷ᠎ᠠ ᠶᠢᠨ 19 ᠤ ᠡᠳᠦᠷ
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号