11 ᠰᠠᠷ᠎ᠠ ᠶᠢᠨ 14 ᠤ ᠡᠳᠦᠷ᠂ ᠲᠠᠶᠢᠹᠤᠰᠧ ᠬᠤᠰᠢᠭᠤ ᠠᠶᠤᠯᠭᠦᠢ ᠦᠢᠯᠡᠳᠪᠦᠷᠢᠯᠡᠯ᠂ ᠲᠥᠷᠥᠯ ᠵᠦᠢᠯ ᠤᠨ | ᠪᠠᠶᠢᠭᠤᠯᠤᠯᠲᠠ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ᠂ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠠᠵᠢᠯ ᠤᠨ ᠲᠣᠬᠢᠷᠠᠭᠤᠯᠤᠯᠲᠠ ᠶᠢᠨ ᠬᠤᠷᠠᠯ ᠬᠤᠷᠠᠯᠳᠤᠭᠤᠯᠵᠤ᠂ ᠬᠤᠰᠢᠭᠤ ᠨᠠᠮ ᠤᠨ ᠬᠤᠷᠢᠶᠠᠨ ᠤ | ᠳᠡᠳ᠋ ᠱᠦᠵᠢ᠂ ᠬᠤᠰᠢᠭᠤ ᠳᠠᠷᠤᠭ᠎ᠠ ᠴᠧᠨ ᠶᠠᠨ ᠪᠦᠦ ᠬᠤᠷᠠᠯ ᠢ ᠡᠷᠬᠢᠯᠡᠭᠰᠡᠨ ᠪᠦᠭᠡᠳ ᠬᠠᠮᠢᠶ᠎ᠠ ᠪᠦᠬᠦᠢ ᠠᠵᠢᠯ ᠤᠨ | ᠲᠤᠬᠠᠢ ᠪᠠᠶᠢᠷᠢᠯᠠᠭᠤᠯᠤᠯᠳᠠ ᠬᠢᠪᠡ᠃ ᠬᠤᠰᠢᠭᠤ ᠨᠠᠮ ᠤᠨ ᠬᠤᠷᠢᠶᠠᠨ ᠤ ᠱᠦᠵᠢ ᠵᠣᠣ ᠹᠧᠢ ᠫᠧᠩ ᠬᠤᠷᠠᠯ ᠳᠤ | ᠣᠷᠣᠯᠴᠠᠨ ᠶᠠᠷᠢᠶ᠎ᠠ ᠲᠠᠯᠪᠢᠬᠤ ᠳᠠᠭᠠᠨ᠂ ᠡᠯ᠎ᠡ ᠰᠤᠮᠤ ᠰᠢᠶᠠᠩ ᠪᠠᠯᠭᠠᠰᠤ ᠡᠯ᠎ᠡ ᠰᠠᠯᠠᠭ᠎ᠠ ᠮᠥᠴᠢᠷ ᠨᠢ ᠠᠶᠤᠯᠭᠦᠢ | ᠦᠢᠯᠡᠳᠪᠦᠷᠢᠯᠡᠯ ᠤᠨ ᠠᠵᠢᠯ ᠢ ᠰᠠᠶᠢᠳᠤᠷ ᠠᠳᠬᠤᠬᠤ ᠶᠢ ᠭᠤᠣᠯᠳᠠᠯᠭ᠎ᠠ ᠲᠠᠢ ᠠᠵᠢᠯ ᠢ ᠠᠬᠢᠭᠤᠯᠬᠤ ᠶᠢᠨ | ᠬᠦᠴᠦᠲᠡᠢ ᠭᠠᠷᠳᠠᠴᠠ ᠪᠣᠯᠭᠠᠵᠤ᠂ ᠡᠬᠦᠷᠭᠡ ᠬᠠᠷᠢᠭᠤᠴᠠᠯᠭ᠎ᠠ ᠶᠢ ᠤᠯᠠᠮ ᠨᠢᠭᠡ ᠠᠯᠬᠤᠮ ᠲᠣᠳᠣᠷᠬᠠᠶᠢᠯᠠᠨ᠂ | ᠠᠵᠢᠯ ᠤᠨ ᠠᠷᠭ᠎ᠠ ᠠᠪᠴᠢᠯ ᠢᠶᠠᠨ ᠴᠢᠨᠠᠭᠰᠢᠳᠠ ᠨᠠᠷᠢᠯᠢᠭᠵᠢᠭᠤᠯᠵᠤ᠂ ᠪᠥᠬᠦ ᠬᠤᠰᠢᠭᠤᠨ ᠤ ᠠᠵᠤ ᠠᠬᠤᠢ | ᠨᠡᠶᠢᠭᠡᠮ ᠤᠨ ᠬᠥᠭᠵᠢᠯᠲᠡ ᠳᠤ ᠠᠮᠤᠷ ᠲᠣᠭᠲᠠᠭᠤᠨ ᠲᠤᠮᠤ ᠣᠷᠴᠢᠨ ᠲᠣᠭᠤᠷᠢᠨ ᠢ ᠪᠣᠶ ᠪᠣᠯᠭᠠᠬᠤ ᠬᠡᠷᠡᠭᠲᠡᠢ᠃ | ᠲᠦᠷᠦᠯ ᠵᠦᠢᠯ ᠤᠨ ᠪᠠᠶᠢᠭᠤᠯᠤᠯᠲᠠ ᠶᠢᠨ ᠬᠠᠷᠢᠭᠤᠴᠠᠯᠭ᠎ᠠ ᠶᠢᠨ ᠳᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ | ᠵᠢᠯ ᠤᠨ ᠡᠬᠢᠨ ᠳᠤ ᠲᠣᠭᠲᠠᠭᠠᠭᠰᠠᠨ ᠬᠠᠷᠠᠯᠲᠠ ᠡᠭᠦᠷᠭᠡ ᠲᠠᠢ ᠬᠠᠷᠢᠴᠠᠭᠤᠯᠤᠨ᠂ ᠠᠵᠤ ᠦᠢᠯᠡᠰ ᠤᠨ ᠲᠦᠷᠦᠯ ᠵᠦᠢᠯ | ᠂ ᠰᠠᠭᠤᠷᠢ ᠲᠥᠬᠦᠭᠡᠷᠦᠮᠵᠢ ᠶᠢᠨ ᠲᠦᠷᠦᠯ ᠵᠦᠢᠯ᠂ ᠠᠷᠠᠳ ᠤᠨ ᠠᠮᠢᠳᠤᠷᠠᠯ ᠤᠨ ᠲᠦᠷᠦᠯ ᠵᠦᠢᠯ ᠢ ᠡᠷᠲᠡ ᠨᠢᠬᠡ | ᠡᠳᠦᠷ ᠠᠰᠢᠭᠯᠠᠯᠲᠠ ᠳᠤ ᠤᠷᠤᠵᠤ᠂ ᠡᠷᠳᠡ ᠨᠢᠬᠡ ᠡᠳᠦᠷ ᠦᠷ᠎ᠡ ᠪᠦᠲᠦᠮᠵᠢ ᠲᠠᠢ ᠪᠤᠯᠬᠤ ᠶᠢ ᠠᠬᠢᠭᠤᠯᠬᠤ ᠬᠡᠷᠡᠭᠲᠡᠢ | ᠃ ᠬᠢᠵᠢᠭ ᠰᠡᠷᠭᠡᠶᠢᠯᠡᠬᠦ ᠠᠵᠢᠯ ᠤᠨ ᠠᠷᠭ᠎ᠠ ᠲᠦᠰᠦᠪ ᠪᠠ ᠪᠠᠴᠢᠮ ᠪᠠᠶᠢᠳᠠᠯ ᠢ ᠠᠷᠭᠠᠴᠠᠬᠤ ᠠᠷᠭ᠎ᠠ ᠲᠦᠰᠦᠪ ᠢ | ᠤᠯᠠᠮ ᠨᠢᠭᠡ ᠠᠯᠬᠤᠮ ᠨᠠᠷᠢᠯᠢᠭᠵᠢᠭᠤᠯᠤᠨ ᠲᠡᠭᠦᠯᠳᠡᠷᠵᠢᠭᠦᠯᠵᠦ᠂ ᠬᠢᠵᠢᠭ ᠤᠨ ᠪᠠᠶᠢᠳᠠᠯ ᠪᠤᠶᠤ ᠤᠯᠠᠨ ᠨᠡᠶᠢᠲᠡ ᠶᠢᠨ | ᠡᠷᠡᠭᠦᠯ ᠬᠠᠮᠠᠭᠠᠯᠠᠯ ᠤᠨ ᠭᠡᠨᠡᠳᠲᠡ ᠶᠢᠨ ᠬᠡᠷᠡᠭ ᠭᠠᠷᠬᠤ ᠦᠶᠡᠰ ᠮᠠᠭᠠᠳᠯᠠᠯᠳᠠ ᠨᠡᠩ ᠣᠨᠣᠪᠴᠢᠲᠠᠶ᠂ ᠲᠤᠰᠬᠠᠯ | ᠨᠡᠩ ᠲᠦᠷᠭᠡᠨ᠂ ᠰᠢᠢᠳᠪᠦᠷᠢᠯᠡᠯᠳᠡ ᠨᠡᠩ ᠰᠠᠭᠠᠳᠠᠯ ᠦᠬᠡᠢ ᠪᠠᠶᠢᠬᠤ ᠬᠡᠷᠡᠭᠲᠡᠢ᠃ ᠭᠠᠴᠠᠭ᠎ᠠ ᠲᠣᠰᠬᠤᠨ ᠳᠤ | ᠰᠠᠭᠤᠭ᠎ᠠ ᠠᠵᠢᠯᠯᠠᠬᠤ ᠠᠩᠭᠢ ᠪᠠ ᠭᠠᠴᠠᠭ᠎ᠠ ᠲᠣᠰᠬᠤᠨ ᠤ ︽ᠬᠤᠶᠠᠷ ᠵᠥᠪᠯᠡᠯ︾ ᠢ ᠵᠣᠬᠢᠶᠠᠨ ᠪᠠᠶᠢᠭᠤᠯᠵᠤ ︽ | ᠡᠷᠬᠢᠨ ᠬᠠᠷᠠᠬᠤ︾ ᠠᠵᠢᠯ ᠢ ᠦᠷᠬᠦᠯᠵᠢᠯᠡᠬᠦᠯᠦᠨ᠂ ᠥᠩᠭᠡᠷᠡᠭᠰᠡᠨ ᠤ ᠴᠡᠭᠴᠡᠯᠡᠨ ᠰᠠᠶᠢᠵᠢᠷᠠᠭᠤᠯᠤᠭᠰᠠᠨ ᠦᠷ᠎ᠡ | ᠪᠦᠲᠦᠮᠵᠢ ᠶᠢ ᠪᠠᠶᠢᠴᠠᠭᠠᠨ ᠳᠡᠯᠭᠡᠬᠦ ᠪᠠᠷ ᠪᠠᠷᠠᠬᠤ ᠦᠭᠡᠢ᠂ ᠰᠢᠨ᠎ᠡ ᠠᠰᠠᠭᠤᠳᠠᠯ ᠢ ᠪᠠᠰᠠ ᠰᠠᠨᠠᠭᠠᠴᠢᠯᠠᠭ᠎ᠠ ᠠᠴᠠ ᠪᠠᠨ | ᠢᠯᠡᠷᠡᠭᠦᠯᠦᠨ ᠰᠢᠢᠳᠪᠦᠷᠢᠯᠡᠵᠦ᠂ ᠡᠯ᠎ᠡ ᠲᠦᠷᠦᠯ ᠤᠨ ᠰᠢᠯᠭᠠᠨ ᠪᠠᠶᠢᠴᠠᠭᠠᠯᠳᠠ ᠶᠢ ᠪᠡᠯᠡᠳᠭᠡᠯ ᠰᠠᠶᠢᠳᠠᠢ ᠤᠭᠳᠤᠵᠤ᠂ | ᠠᠮᠵᠢᠯᠲᠠ ᠰᠠᠶᠢᠳᠠᠢ ᠪᠡᠶᠡᠯᠡᠭᠦᠯᠬᠦ ᠬᠡᠷᠡᠭᠲᠡᠢ ᠬᠡᠵᠦ ᠴᠢᠬᠤᠯᠠᠴᠢᠯᠠᠭᠰᠠᠨ ᠪᠠᠶᠢᠨ᠎ᠠ᠃ ᠬᠤᠰᠢᠭᠤᠨ ᠤ ᠳᠥᠷᠪᠡᠨ ᠶᠡᠭᠡ | ᠪᠠᠭ ᠤᠨ ᠤᠳᠤᠷᠢᠳᠤᠯᠭ᠎ᠠ᠂ ︽ᠬᠤᠶᠠᠷ ᠬᠤᠷᠢᠶᠠᠨ︾ ᠤ ᠳᠠᠷᠤᠭ᠎ᠠ᠂ ᠰᠤᠮᠤ ᠰᠢᠶᠠᠩ ᠪᠠᠯᠭᠠᠰᠤ᠂ ᠬᠠᠮᠢᠶ᠎ᠠ ᠪᠦᠬᠦᠢ | ᠰᠠᠯᠠᠭ᠎ᠠ ᠮᠥᠴᠢᠷ ᠤᠨ ᠭᠤᠣᠯ ᠬᠠᠷᠢᠭᠤᠴᠠᠯᠭᠠᠲᠠᠨ ᠬᠤᠷᠠᠯ ᠳᠤ ᠣᠷᠣᠯᠴᠠᠵᠠᠢ᠃ |