ᠲᠠᠶᠢᠹᠤᠰᠧ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ ᠤᠨ ᠵᠠᠷᠯᠠᠯ ︵108 ᠲᠤᠭᠠᠳᠤ︶
ᠨᠡᠶᠢᠲᠡᠯᠡᠭᠰᠡᠨ ᠴᠠᠭ᠄
2022/11/1
    ᠮᠠᠨ ᠤ ᠬᠤᠰᠢᠭᠤᠨ ᠤ ᠡᠷᠬᠢᠨ ᠲᠣᠭᠤᠷᠢᠨ ᠳᠠᠬᠢ ᠭᠠᠵᠠᠷ ᠣᠷᠣᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠳᠠᠯ ᠢ ᠦᠨᠳᠦᠰᠦᠯᠡᠵᠦ᠂ ︽ᠭᠠᠳᠠᠨ᠎ᠠ ᠠᠴᠠ ᠤᠷᠤᠬᠤ ᠶᠢ ᠰᠡᠷᠭᠡᠶᠢᠯᠡᠬᠦ︾ ᠰᠡᠷᠭᠡᠶᠢᠯᠡᠯᠲᠡ ᠶᠢᠨ ᠱᠤᠭᠤᠮ ᠢ ᠪᠠᠲᠤ  ᠴᠤᠭᠴᠠᠯᠠᠨ᠂ ᠮᠠᠨ ᠤ ᠬᠤᠰᠢᠭᠤᠨ ᠤ   ᠪᠠᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠦᠨᠡᠨᠬᠦ ᠰᠠᠶᠢᠨ ᠬᠢᠬᠦ ᠶᠢᠨ ᠲᠤᠰᠠᠳᠠ᠂ ᠡᠳᠦᠭᠡ ᠬᠤᠯᠪᠣᠭᠳᠠᠯ ᠪᠦᠬᠦᠢ ᠤᠴᠢᠷ ᠢ ᠳᠣᠣᠷᠠᠬᠢ ᠮᠡᠲᠦ ᠮᠡᠳᠡᠭᠳᠡᠶ᠎ᠡ᠄      ᠨᠢᠭᠡ᠂ ᠥᠨᠥᠳᠥᠷ ᠠᠴᠠ  ᠡᠬᠢᠯᠡᠭᠡᠳ᠂  ᠮᠠᠨ ᠤ ᠬᠤᠰᠢᠭᠤᠨ ᠤ ᠰᠠᠭᠤᠭᠠᠯᠢ ᠠᠷᠠᠳ ᠴᠢᠬᠤᠯᠠ ᠦᠬᠡᠢ ᠪᠤᠯ ᠴᠢᠭᠤᠯᠤᠯᠲᠤ ᠬᠠᠭᠠᠯᠭ᠎ᠠ ᠬᠤᠳᠠ ᠶᠢᠨ ᠴᠢᠶᠣᠤ ᠳ᠋ᠦᠩ ᠲᠣᠭᠤᠷᠢᠭ᠂ ᠴᠢᠶᠣᠤ ᠰᠢ ᠲᠣᠭᠤᠷᠢᠭ᠂   ᠵᠢᠩ ᠺᠠᠢ ᠲᠣᠭᠤᠷᠢᠭ᠂ ᠸᠠᠨ ᠴᠢᠤᠸᠠᠨ ᠲᠣᠭᠤᠷᠢᠭ᠂ ᠰᠢᠤᠸᠠᠨ ᠬᠤᠸᠠ ᠲᠣᠭᠤᠷᠢᠭ᠂ ᡂᠢ ᠴᠧᠩ ᠰᠢᠶᠠᠨ᠂  ᠢᠤᠢ ᠰᠢᠶᠠᠨ᠂  ᠬᠦᠶᠤᠸᠠᠨ ᠰᠢᠶᠠᠨ ᠵᠡᠷᠭᠡ ᠬᠢᠵᠢᠭ  ᠲᠠᠢ ᠣᠷᠣᠨ  ᠳᠤ ᠣᠴᠢᠬᠤ   ᠶᠢ ᠴᠡᠭᠡᠷᠯᠡᠨ᠎ᠡ᠃       ᠬᠤᠶᠠᠷ᠂ ᠳᠡᠭᠡᠷ᠎ᠡ ᠳᠤᠷᠠᠳᠤᠭᠰᠠᠨ ᠬᠢᠵᠢᠭ ᠲᠠᠢ ᠣᠷᠣᠨ ᠠᠴᠠ ᠢᠷᠡᠬᠦ ᠬᠦᠮᠦᠰ ᠡᠷᠬᠡᠪᠰᠢ ᠵᠣᠷᠢᠭᠰᠠᠨ ᠭᠠᠵᠠᠷ ᠤᠨ ᠢᠶᠠᠨ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠳᠤ ᠤᠷᠢᠳᠴᠢᠯᠠᠨ ᠮᠡᠳᠡᠭᠦᠯᠵᠤ᠂  ᠲᠤᠰᠬᠤ ᠨᠢᠭᠡᠴᠡ ᠪᠤᠶᠤ   ᠲᠤᠰᠬᠤ ᠬᠦᠮᠦᠨ ᠤ ᠪᠠᠨ ᠨᠠᠷᠢᠨ ᠲᠤᠳᠤᠷᠬᠠᠢ ᠮᠡᠳᠡᠭᠡ ᠵᠠᠩᠭᠢ ᠶᠢ ᠬᠠᠩᠭᠠᠨ᠂ ᠵᠠᠮ ᠬᠠᠷᠢᠯᠴᠠᠭᠠᠨ ᠤ ᠪᠣᠭᠤᠮᠲᠠ ᠳᠤ ᠬᠦᠷᠦᠭᠰᠡᠨ ᠤ ᠳᠠᠷᠠᠭ᠎ᠠ ︽ᠬᠤᠶᠠᠷ ᠺᠣᠳ᠋ ᠨᠢᠭᠡ ᠦᠨᠡᠮᠯᠡᠯ︾ ᠢ ᠰᠢᠯᠭᠠᠨ ᠪᠠᠶᠢᠴᠠᠭᠠᠬᠤ ᠵᠢᠴᠢ ︽ᠬᠦᠷᠦᠭᠰᠡᠨ ᠭᠠᠵᠠᠷ ᠲᠤ  ᠪᠦᠬᠡᠮ ᠬᠦᠴᠢᠯ ᠤᠨ ᠪᠠᠶᠢᠴᠠᠭᠠᠯᠳᠠ ᠬᠢᠬᠦ︾ ᠵᠡᠷᠭᠡ ᠠᠵᠢᠯ ᠢ  ᠬᠠᠮᠵᠢᠯᠴᠠᠨ ᠪᠡᠶᠡᠯᠡᠬᠦᠯᠵᠦ᠂  ᠲᠤᠰᠬᠤ ᠨᠢᠭᠡᠴᠡ ᠪᠤᠶᠤ ᠲᠤᠰᠬᠤ ᠬᠦᠮᠦᠨ ᠨᠢ ᠰᠢᠭᠤᠳ ᠭᠡᠷ ᠲᠤᠨᠢ ᠬᠦᠷᠭᠡᠵᠦ ᠠᠪᠴᠢᠷᠠᠨ᠂ 7 ᠡᠳᠦᠷ ᠭᠡᠷ ᠲᠡᠭᠡᠨ ᠲᠤᠰᠠᠭᠠᠷᠯᠠᠵᠤ ᠬᠠᠮᠢᠶᠠᠷᠤᠯᠳᠠ ᠶᠢᠨ ᠠᠷᠭ᠎ᠠ ᠶᠢ  ᠨᠠᠶᠢᠳᠠᠪᠤᠷᠢᠵᠢᠭᠤᠯᠤᠨ᠎ᠠ ︵ᠭᠡᠷ  ᠤᠨ ᠬᠦᠮᠦᠰ ᠪᠤᠶᠤ ᠬᠠᠮᠳᠤ ᠪᠠᠶᠢᠭ᠎ᠠ ᠬᠦᠮᠦᠰ ᠨᠢ ᠴᠤ ᠲᠤᠰᠠᠭᠠᠷᠯᠠᠬᠤ ᠭᠡᠷᠡᠭᠳᠡᠢ︶᠃     ᠭᠤᠷᠪᠠ᠂ ᠳᠡᠭᠡᠷ᠎ᠡ ᠳᠤᠷᠠᠳᠤᠭᠰᠠᠨ ᠬᠢᠵᠢᠭ ᠲᠠᠢ ᠣᠷᠣᠨ ᠠᠴᠠ ᠮᠠᠨ ᠤ ᠬᠤᠰᠢᠭᠤᠨ ᠳᠤ ᠢᠷᠡᠬᠦ ᠠᠴᠢᠶᠠᠨ ᠤ ᠮᠠᠰᠢᠨ ᠤ ᠵᠢᠯᠤᠭᠤᠴᠢ ᠪᠠ ᠬᠠᠮᠳᠤ ᠠᠶᠠᠯᠠᠭᠰᠠᠳ ᠲᠤ ᠡᠯ᠎ᠡ ᠵᠠᠮ ᠬᠠᠷᠢᠯᠴᠠᠭᠠᠨ ᠤ ᠪᠣᠭᠤᠮᠲᠠ ᠨᠢ ︽ᠬᠤᠶᠠᠷ  ᠺᠤᠳ᠋ ᠨᠢᠭᠡ ᠦᠨᠡᠮᠯᠡᠯ︾ ᠤᠨ ᠪᠠᠶᠢᠴᠠᠭᠠᠯᠳᠠ ᠪᠠ ︽ᠬᠦᠷᠦᠭᠰᠡᠨ ᠭᠠᠵᠠᠷ ᠲᠠᠬᠢ ᠪᠠᠶᠢᠴᠠᠭᠠᠯᠲᠠ︾ ᠶᠢ  ᠬᠢᠵᠦ ᠳᠠᠭᠤᠰᠤᠭᠰᠠᠨ ᠤ ᠲᠠᠷᠠᠭ᠎ᠠ᠂  ᠪᠢᠲᠡᠭᠦᠮᠵᠢᠯᠡᠬᠦ ᠬᠠᠭᠤᠳᠠᠰᠤ ᠨᠠᠭᠠᠵᠤ ᠶᠠᠪᠤᠭᠤᠯᠬᠤ ᠶᠢᠨ ᠬᠠᠮᠲᠤ ᠬᠠᠷᠢᠶ᠎ᠠ ᠭᠠᠵᠠᠷ ᠤᠨ ᠬᠢᠨᠢ ᠬᠢᠵᠢᠭ ᠰᠡᠷᠭᠡᠶᠢᠯᠡᠬᠦ ᠠᠵᠢᠯ ᠤᠨ ᠵᠢᠯᠤᠭᠤᠳᠬᠤ ᠭᠠᠵᠠᠷ ᠲᠤ  ᠮᠡᠳᠡᠭᠳᠡᠨ᠂ ᠵᠢᠯᠤᠭᠤᠳᠬᠤ ᠭᠠᠵᠠᠷ ᠨᠢ ᠪᠠᠷᠠᠭᠠᠨ ᠤ ᠡᠵᠡᠨ ᠳᠤ ᠮᠡᠳᠡᠭᠳᠡᠵᠦ ᠪᠠᠶᠢᠭᠠᠳ ᠪᠠᠷᠠᠭ᠎ᠠ ᠶᠢ ᠪᠠᠭᠤᠯᠭᠠᠬᠤ ᠭᠠᠵᠠᠷ ᠲᠤᠨᠢ ᠰᠢᠭᠤᠳ ᠬᠦᠷᠭᠡᠬᠦᠯᠦᠨ᠎ᠡ᠃ ᠪᠠᠷᠠᠭ᠎ᠠ ᠪᠠᠭᠤᠯᠭᠠᠬᠤ  ᠪᠦᠬᠦ ᠶᠪᠤᠴᠠ ᠳᠤ  ᠲᠤᠰᠬᠠᠢ ᠠᠵᠢᠯᠳᠠᠨ ᠬᠢᠨᠠᠯᠲᠠ ᠲᠠᠯᠪᠢᠵᠤ᠂  ᠵᠢᠯᠣᠭᠤᠴᠢ ᠪᠠ ᠬᠠᠮᠳᠤ ᠠᠶᠠᠯᠠᠭᠰᠠᠳ ᠲᠡᠷᠭᠡᠨ ᠠᠴᠠ ᠪᠠᠭᠤᠵᠤ ᠪᠣᠯᠬᠤ ᠦᠭᠡᠢ᠂ ᠮᠠᠨ ᠤ ᠬᠤᠰᠢᠭᠤᠨ ᠤ ᠬᠥᠮᠥᠰ ᠲᠠᠢ ᠰᠢᠭᠤᠳ ᠤᠶᠢᠷᠠᠳᠴᠤ ᠪᠣᠯᠬᠤ ᠦᠭᠡᠢ᠂ ᠪᠠᠷᠠᠭ᠎ᠠ ᠪᠠᠨ ᠪᠠᠭᠤᠯᠭᠠᠵᠤ ᠪᠠᠷᠠᠮᠠᠭᠴᠠ  ᠮᠠᠨ ᠤ ᠬᠤᠰᠢᠭᠤᠨ ᠠᠴᠠ ᠪᠤᠴᠠᠵᠤ ᠭᠠᠷᠬᠤ ᠭᠡᠷᠡᠭᠳᠡᠢ᠃        ᠬᠤᠰᠢᠭᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ ᠤᠨ ᠤᠲᠠᠰᠤ᠄ 0479 ︱ 5230665      ᠬᠤᠰᠢᠭᠤᠨ ᠤ ᠡᠪᠡᠳᠴᠢᠨ ᠡᠮᠭᠡᠭ ᠰᠡᠷᠭᠡᠶᠢᠯᠡᠨ ᠡᠵᠡᠮᠳᠡᠬᠦ ᠲᠥᠪ ᠤᠨ ᠤᠲᠠᠰᠤ᠄ 13947999675      ᠪᠤᠤᠴᠠᠩ  ᠪᠠᠯᠭᠠᠰᠤ ︵ᠨᠡᠶᠢᠭᠡᠮ ᠲᠣᠭᠤᠷᠢᠭ︶ ᠶᠢᠨ ᠵᠢᠵᠢᠭᠦᠷᠯᠡᠬᠦ ᠤᠲᠠᠰᠤ᠄ 0479 ︱ 5222227      ᠵᠢᠶᠠᠨ ᠰᠢᠩ ᠨᠡᠶᠢᠭᠡᠮ ᠲᠣᠭᠤᠷᠢᠭ᠄ 13644792511      ᠪᠦᠦ ᠹᠧᠩ ᠨᠡᠶᠢᠭᠡᠮ ᠲᠣᠭᠤᠷᠢᠭ᠄ 13947930729      ᠨᠠᠨ ᠵᠢᠶᠣᠣ ᠨᠡᠶᠢᠭᠡᠮ ᠲᠣᠭᠤᠷᠢᠭ᠄ 18847938988      ᠰᠢᠨ ᠬᠤᠸᠠ ᠲᠣᠭᠤᠷᠢᠭ᠄ 13947395770       ᠲᠠᠢ ᠫᠢᠩ ᠨᠡᠶᠢᠭᠡᠮ ᠲᠣᠭᠤᠷᠢᠭ᠄ 15849930009      ᠳ᠋ᠦᠩ ᠵᠢᠶᠣᠣ ᠨᠡᠶᠢᠭᠡᠮ ᠲᠣᠭᠤᠷᠢᠭ᠄ 13947966967      ᠬᠦᠨᠪᠤᠯᠠᠭ ᠰᠤᠮᠤ  ᠄ 0479 ︱ 5887015       13234794613      ᠴᠢᠶᠠᠨ ᠶᠢᠨ ᠭᠧᠦ ᠪᠠᠯᠭᠠᠰᠤ᠄ 0479-2265514    15249535203      ᠬᠤᠩ ᠴᠢ ᠪᠠᠯᠭᠠᠰᠤ᠄ 0479 ︱ 5823064      ᠯᠦᠸᠧ ᠲᠦᠸᠧ ᠱᠠᠨ ᠪᠠᠯᠭᠠᠰᠤ᠄ 0479 ︱ 5855017      ᠶᠦᠩ ᠹᠧᠩ ᠪᠠᠯᠭᠠᠰᠤ  ᠄ 0479-2265106      ᠰᠢᠩ ᠹᠦ᠋ ᠰᠢᠶᠠᠩ᠄ 0479-5899968  15547956376                                           ᠲᠠᠶᠢᠹᠤᠰᠧ ᠬᠤᠰᠢᠭᠤᠨ ᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ                       ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ  ᠵᠢᠯᠤᠭᠤᠳᠬᠤ ᠭᠠᠵᠠᠷ                            2022 ᠣᠨ ᠤ 10 ᠰᠠᠷ᠎ᠠ ᠶᠢᠨ 31 ᠤ ᠡᠳᠦᠷ
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号