ᠠᠮᠠᠪᠴᠢ ᠶᠢᠨ ᠠᠷᠢᠭᠤᠳᠬᠠᠭᠰᠠᠨ ᠦᠯᠡᠳᠡᠭᠳᠡᠯ ᠪᠣᠳᠠᠰ ᠥᠮᠡᠨ ᠡᠭᠦᠰᠭᠡᠨ᠎ᠡ ᠭᠡᠨ᠎ᠡ ᠤᠤ︖
ᠨᠡᠶᠢᠲᠡᠯᠡᠭᠰᠡᠨ ᠴᠠᠭ᠄
2021/8/27
   ᠨᠢᠭᠡ ᠬᠡᠰᠡᠭ ︽ᠠᠮᠠᠪᠴᠢ ᠶᠢᠨ ᠠᠷᠢᠭᠤᠳᠬᠠᠭᠰᠠᠨ ᠦᠯᠡᠳᠡᠭᠳᠡᠯ ᠪᠣᠳᠠᠰ ᠳᠣᠲᠣᠷ᠎ᠠ ᠥᠮᠡᠨ ᠡᠭᠦᠰᠭᠡᠬᠦ ᠪᠣᠳᠠᠰ ᠪᠠᠶᠢᠨ᠎ᠠ᠂ ᠠᠮᠠᠪᠴᠢ ᠬᠡᠷᠡᠭᠯᠡᠬᠦ ᠠᠴᠠ ᠡᠮᠦᠨ᠎ᠡ ᠰᠡᠭᠰᠡᠷᠡᠬᠦ ᠬᠡᠷᠡᠭᠲᠡᠶ︾ ᠭᠡᠬᠦ ᠸᠢᠳᠢᠣ᠋ ᠶᠢ ᠦᠵᠡᠭᠡᠳ ᠰᠦᠯᠵᠢᠶᠡᠨ ᠳᠡᠭᠡᠷ᠎ᠡ ᠬᠦᠮᠣᠰ ᠶᠡᠬᠡᠪᠡᠷ ᠶᠠᠷᠢᠯᠴᠠᠵᠠᠭᠠᠵᠣ ᠪᠠᠶᠢᠪᠠ᠃ ᠲᠣᠰ ᠸᠢᠳᠢᠣ᠋ ᠳᠤ ᠬᠡᠯᠡᠬᠦ ᠳᠡᠭᠡᠨ᠂ ᠠᠮᠠᠪᠴᠢ ᠵᠡᠭᠦᠬᠦ ᠦᠶ᠎ᠡ ᠳᠤ᠂ ᠵᠠᠳᠠᠯᠤᠭᠰᠠᠨ ᠠᠮᠠᠪᠴᠢ ᠪᠠᠨ 10 ᠠᠴᠠ 20 ᠤᠳᠠᠭ᠎ᠠ ᠰᠡᠭᠰᠡᠷᠡᠨ᠎ᠡ᠂ ᠲᠡᠭᠡᠬᠦ ᠦᠬᠡᠢ ᠪᠠᠷ ᠰᠢᠭᠤᠳ ᠠᠷᠢᠭᠤᠳᠬᠠᠭᠰᠠᠨ ᠠᠮᠠᠪᠴᠢ ᠵᠡᠭᠦᠪᠡᠯ ᠥᠮᠡᠨ ᠡᠭᠦᠰᠭᠡᠬᠦ ᠲᠦᠭᠰᠢᠭᠦᠷᠢ ᠲᠠᠢ ᠪᠣᠯᠤᠨ᠎ᠠ ᠭᠡᠵᠡᠶ᠃ ᠲᠡᠭᠡᠪᠡᠯ ᠡᠨᠡ ᠦᠵᠡᠯᠲᠡ ᠵᠥᠪ ᠦᠦ︖ ᠬᠤᠯᠪᠣᠭᠳᠠᠯ ᠪᠥᠬᠦᠶ ᠲᠤᠰᠬᠠᠶ ᠮᠡᠷᠭᠡᠵᠢᠯᠲᠡᠨ ᠵᠢᠭᠠᠵᠤ ᠭᠠᠷᠭᠠᠭᠰᠠᠨ ᠨᠢ᠂ ᠮᠠᠨ ᠤ ᠤᠯᠤᠰ ᠤᠨ ᠡᠮᠴᠢᠯᠡᠭᠡᠨ ᠳᠤ ᠬᠡᠷᠡᠭᠯᠡᠬᠦ ᠡᠳ᠋ ᠪᠣᠳᠠᠰ ᠲᠤ ᠴᠥᠮ ᠬᠤᠯᠪᠣᠭᠳᠠᠯ ᠪᠥᠬᠦᠶ ᠮᠡᠷᠭᠡᠵᠢᠯ ᠤᠨ ᠪᠠᠷᠢᠮᠵᠢᠶ᠎ᠠ ᠪᠠᠶᠢᠳᠠᠭ᠂ ᠦᠯᠡᠳᠡᠭᠳᠡᠯ ᠪᠣᠳᠠᠰ ᠤᠨ ᠬᠡᠮᠵᠢᠶ᠎ᠡ ᠶᠢᠨ ᠬᠤᠯᠪᠣᠭᠳᠠᠯ ᠪᠥᠬᠦᠶ ᠲᠤᠭ᠎ᠠ ᠬᠡᠮᠵᠢᠭᠳᠡᠯ ᠨᠢ ᠤᠯᠤᠰ ᠤᠨ ᠠᠯᠪᠠᠳᠠᠯᠭ᠎ᠠ ᠶᠢᠨ ᠴᠢᠨᠠᠷᠲᠠᠶ ᠪᠠᠷᠢᠮᠵᠢᠶ᠎ᠠ ᠠᠴᠠ ᠳᠤᠤᠷ᠎ᠠ ᠪᠠᠶᠢᠳᠠᠭ ᠯᠠ ᠶᠤᠮ ᠪᠣᠯ ᠳᠠᠷᠤᠶ ᠬᠡᠪ ᠤᠨ ᠪᠠᠶᠢᠳᠠᠯ ᠢᠶᠠᠷ ᠬᠡᠷᠡᠭᠯᠡᠵᠦ ᠪᠣᠯᠤᠨ᠎ᠠ᠃ ᠵᠠᠷᠢᠮ ᠣᠶᠢᠯᠡᠳᠪᠣᠷᠢ ᠶᠢᠨ ᠣᠶᠢᠯᠡᠳᠪᠣᠷᠢᠯᠡᠭᠰᠡᠨ ᠡᠮᠴᠢᠯᠡᠭᠡᠨ ᠤ ᠠᠮᠠᠪᠴᠢ ᠨᠢ ᠬᠢᠵᠤ ᠪᠠᠷᠠᠭᠰᠠᠨ ᠤ ᠳᠠᠷᠠᠭ᠎ᠠ ᠬᠢᠮᠢ ᠶᠢᠨ ᠪᠣᠳᠠᠰ ᠤᠨ ᠦᠯᠡᠳᠡᠭᠳᠡᠯ ᠲᠠᠢ᠂ 14 ᠡᠳᠣᠷ ᠤᠨ ᠲᠠᠷᠠᠭ᠎ᠠ ᠰᠠᠶ᠋ᠢ ᠵᠠᠳᠠᠯᠤᠨ ᠰᠢᠨᠵᠢᠯᠡᠵᠦ ᠪᠣᠯᠣᠨ᠎ᠠ᠃ ᠬᠠᠮᠢᠶ᠎ᠠ ᠪᠦᠬᠦᠢ ᠪᠠᠷᠢᠮᠵᠢᠶ᠎ᠠ ᠳᠤ ᠬᠦᠷᠦᠭᠰᠡᠨ ᠤ ᠳᠠᠷᠠᠭ᠎ᠠ᠂ ᠳᠠᠷᠤᠶ ᠨᠢᠭᠡᠨᠲᠡ ᠠᠮᠤᠷ ᠲᠦᠪᠰᠢᠨ ᠤ ᠪᠠᠶᠢᠳᠠᠯ ᠳᠤ ᠪᠠᠶᠢᠪᠠᠯ ᠬᠥᠮᠦᠰ ᠳᠠᠷᠤᠶ ᠬᠡᠷᠡᠭᠯᠡᠵᠦ ᠪᠣᠯᠤᠨ᠎ᠠ᠃ ᠲᠤᠰᠬᠠᠶ ᠮᠡᠷᠭᠡᠵᠢᠯᠲᠡᠨ ᠴᠢᠬᠤᠯᠠᠴᠢᠯᠠᠬᠤ ᠳᠠᠭᠠᠨ ︽ᠠᠮᠠᠪᠴᠢ ᠶᠢᠨ ᠠᠷᠢᠭᠤᠳᠬᠠᠭᠰᠠᠨ ᠦᠯᠡᠳᠡᠭᠳᠡᠯ ᠪᠣᠳᠠᠰ ᠳᠣᠲᠣᠷ᠎ᠠ ᠥᠮᠡᠨ ᠡᠭᠦᠰᠭᠡᠬᠦ ᠪᠣᠳᠠᠰ ᠪᠠᠶᠢᠨ᠎ᠠ᠂ ᠠᠮᠠᠪᠴᠢ ᠬᠡᠷᠡᠭᠯᠡᠬᠦ ᠠᠴᠠ ᠡᠮᠦᠨ᠎ᠡ ᠰᠡᠭᠰᠡᠷᠡᠬᠦ ᠬᠡᠷᠡᠭᠲᠡᠶ︾ ᠨᠢ ᠰᠢᠨᠵᠢᠯᠡᠬᠦ ᠤᠬᠠᠭᠠᠨᠴᠢ ᠪᠢᠰᠢ ᠶᠤᠮ    
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号