ᠭᠠᠵᠠᠷ ᠤᠰᠤᠨ —  ᠪᠤᠷᠤᠯᠵᠢ
ᠨᠡᠶᠢᠲᠡᠯᠡᠭᠰᠡᠨ ᠴᠠᠭ᠄
2021/7/28
  ᠵᠢᠷᠠᠨ ᠤᠰᠤ ᠭᠠᠴᠠᠭᠠᠨ ᠤ ᠪᠠᠷᠠᠭᠤᠨ ᠡᠮᠦᠨᠡᠬᠦᠷᠬᠢ ᠲᠡᠷᠡᠰᠦᠳᠦ ᠪᠡᠯᠴᠢᠭᠡᠷ ᠲᠤ ᠰᠢᠷᠠᠯᠵᠢ ᠪᠤᠷᠤᠯᠵᠢ  ᠤᠷᠭᠤᠵᠤ᠂ ᠦᠨᠡᠭᠡ ᠬᠢᠷᠰᠠ ᠡᠬᠦᠷᠯᠡᠭᠰᠡᠨ ᠬᠤᠶᠠᠷ ᠪᠢᠴᠢᠬᠠᠨ ᠲᠤᠪᠤᠴᠠᠭ ᠢ ᠪᠤᠷᠤᠯᠵᠢ ᠬᠡᠵᠦ ᠲᠠᠭᠤᠳᠠᠳᠠᠭ᠃  ᠠᠳᠡ ᠬᠡᠳᠦᠨ ᠠᠶᠢᠯ ᠤᠨ ᠭᠡᠷ ᠬᠦᠷᠢᠶᠡᠨ ᠤ ᠪᠠᠭᠤᠷᠢ ᠪᠠᠶᠢᠭ᠎ᠠ ᠨᠢ ᠵᠡᠬᠦᠨ ᠭᠠᠷ ᠲᠠᠶᠢᠹᠤᠰᠧ ᠤᠨ ᠤᠷᠤᠯᠠᠭᠴᠢ ᠠᠮᠪᠠᠨ ᠪᠠᠶᠢᠭᠰᠠᠨ ᠰᠠᠮᠫᠢᠯᠨᠤᠷᠪᠤ ᠠᠮᠪᠠᠨ ᠤ ᠭᠡᠷ ᠤᠨ ᠪᠠᠭᠤᠷᠢ ᠪᠤᠯᠤᠨ᠎ᠠ᠃ ᠲᠡᠬᠡᠬᠦᠯᠡᠷ ᠬᠦᠮᠦᠰ ᠪᠠᠰᠠ ︽ᠰᠠ᠊ ᠠᠮᠪᠠᠨ ᠤ ᠨᠤᠳᠤᠭ︾ ᠭᠡᠳᠡᠭ᠃ ᠰᠠᠮᠫᠢᠯᠨᠤᠷᠪᠤ ᠠᠮᠪᠠᠨ ᠳ᠋ᠧ ᠸᠠᠩ ᠤᠨ ᠵᠠᠰᠠᠭ ᠤᠨ ᠭᠠᠵᠠᠷ ᠲᠤ ᠤᠷᠴᠢᠭᠤᠯᠤᠭᠴᠢ᠂ ᠵᠦᠪᠯᠡᠭᠴᠢ᠂ ᠮᠠᠯ ᠠᠵᠤ ᠠᠬᠤᠢ ᠶᠢᠨ ᠲᠢᠩᠬᠢᠮ ᠤᠨ ᠲᠠᠷᠤᠭ᠎ᠠ᠂ ᠰᠤᠷᠭᠠᠨ ᠬᠦᠮᠦᠵᠢᠯ ᠤᠨ ᠲᠢᠩᠬᠢᠮ ᠤᠨ ᠲᠠᠷᠤᠭ᠎ᠠ ᠪᠠᠷ ᠠᠵᠢᠯᠯᠠᠵᠤ ᠪᠠᠶᠢᠭᠰᠠᠨ ᠪᠦᠬᠡᠳ ︽ᠴᠠᠬᠠᠷ ᠮᠤᠩᠭᠤᠯ ᠤᠨ ᠪᠢᠴᠢᠭ ᠵᠢᠷᠤᠭ ᠤᠨ ᠵᠤᠬᠢᠶᠠᠨ ᠤᠷᠴᠢᠭᠤᠯᠬᠤ ᠬᠤᠷᠢᠶ᠎ᠠ︾ ᠶᠢᠨ  ᠲᠡᠳ᠋ ᠲᠠᠷᠤᠭ᠎ᠠ᠂ ᠶᠡᠷᠦᠩᠬᠡᠢ ᠨᠠᠶᠢᠷᠠᠭᠤᠯᠤᠭᠴᠢ ᠪᠠᠶᠢᠬᠤ ᠳᠠᠭᠠᠨ ᠴᠢᠭᠤᠯᠤᠯᠳᠤ ᠬᠠᠭᠠᠯᠭ᠎ᠠ ᠶᠢᠨ ︽ᠲᠦᠩ ᠢ ᠱᠠᠩ ᠬᠠᠩ︾ ᠢ ᠬᠤᠳᠠᠯᠳᠤᠨ ᠠᠪᠴᠤ  ᠭᠡᠪᠯᠡᠬᠦ ᠦᠢᠯᠡᠳᠪᠦᠷᠢ ᠪᠠᠶᠢᠭᠤᠯᠤᠨ᠂ ︽ᠮᠤᠩᠭᠤᠯ ᠦᠰᠦᠭ ᠤᠨ  ᠴᠠᠭᠠᠨ ᠲᠤᠯᠤᠭᠠᠢ︾᠂ ︽ ᠮᠤᠩᠭᠤᠯ ᠬᠢᠳᠠᠳ ᠦᠰᠦᠭ ᠬᠠᠪᠰᠤᠷᠭᠠᠭᠰᠠᠨ ᠪᠠᠭ᠎ᠠ ᠰᠤᠷᠭᠠᠭᠤᠯᠢ ᠶᠢᠨ ᠤᠯᠤᠰ ᠤᠨ ᠤᠳᠬ᠎ᠠ  ᠶᠢ ᠤᠩᠰᠢᠬᠤ ᠲᠡᠪᠳᠡᠷ︾᠂ ︽ᠪᠤᠭᠳᠠ ᠶᠢᠨ ᠰᠤᠷᠭᠠᠯ ᠢ  ᠰᠡᠩᠭᠡᠷᠡᠬᠦᠯᠦᠨ ᠪᠠᠳᠠᠷᠠᠭᠤᠯᠬᠤ ᠪᠢᠴᠭ︾᠂ ︽ᠡᠷᠳᠡᠨ ᠡᠳᠦᠭᠡ ᠶᠢᠨ ᠭᠠᠶᠢᠬᠠᠮᠰᠢᠭᠳᠤ ᠦᠵᠡᠭᠳᠡᠯ︾ ᠵᠡᠷᠭᠡ ᠨᠤᠮ ᠪᠢᠴᠢᠭ ᠢ ᠭᠡᠪᠯᠡᠬᠦᠯᠵᠦ᠂ ︽ᠬᠤᠷᠢᠨ ᠨᠠᠢᠮᠠᠳᠤ ᠲᠠᠶᠢᠯᠪᠤᠷᠢ ᠲᠤᠯᠢ︾   ᠶᠢ ᠵᠤᠬᠢᠶᠠᠬᠤ ᠠᠵᠢᠯ ᠳᠤ ᠤᠷᠤᠯᠴᠠᠵᠤ᠂ ᠮᠤᠩᠭᠤᠯ ᠦᠨᠳᠦᠰᠦᠳᠡᠨ ᠤ ᠰᠤᠶᠤᠯ ᠰᠤᠷᠭᠠᠨ ᠬᠦᠮᠦᠵᠢᠯ ᠤᠨ ᠦᠢᠯᠡᠰ ᠤᠨ ᠬᠦᠭᠵᠢᠯᠳᠡ ᠳᠤ ᠮᠠᠰᠢᠨ ᠠᠷᠪᠢᠨ ᠠᠰᠢᠭᠳᠠᠢ ᠠᠵᠢᠯ ᠢ ᠬᠢᠵᠡᠢ᠃  ᠴᠢᠯᠦᠭᠡᠯᠡᠭᠳᠡᠭᠰᠡᠨ ᠤ ᠲᠠᠷᠠᠭ᠎ᠠ᠂ ᠲᠠᠶᠢᠹᠤᠰᠧ ᠬᠤᠰᠢᠭᠤᠨ ᠤ  ᠵᠠᠰᠠᠭ ᠤᠨ ᠤᠷᠳᠤᠨ ᠤ ᠠᠷᠠᠳ ᠤᠨ ᠶᠠᠪᠤᠳᠠᠯ ᠤᠨ ᠰᠠᠯᠠᠭᠠᠨ ᠤ ᠲᠠᠷᠤᠭ᠎ᠠ ᠪᠠᠷ ᠠᠵᠢᠯᠯᠠᠵᠤ ᠪᠠᠶᠢᠬᠤ ᠳᠠᠭᠠᠨ ᠪᠢᠴᠢᠭᠰᠡᠨ ︽ᠲᠠᠶᠢᠹᠤᠰᠧ ᠵᠡᠬᠦᠨ ᠭᠠᠷ ᠤᠨ ᠦᠩᠭᠡᠷᠡᠭᠰᠡᠨ ᠪᠠ ᠡᠳᠦᠬᠡᠬᠢ︾  ᠬᠡᠮᠡᠬᠦ ᠭᠠᠷ ᠪᠢᠴᠢᠮᠡᠯ ᠨᠢ ᠬᠤᠪᠤᠷ ᠨᠠᠨᠳᠢᠨ ᠲᠡᠦᠬᠡᠨ ᠪᠤᠯᠵᠤ᠂ ᠬᠤᠵᠢᠮ   ᠤᠨ ᠬᠦᠮᠦᠰ ᠤᠨ ᠰᠤᠳᠤᠯᠤᠨ ᠯᠠᠪᠯᠠᠬᠤ ᠦᠨᠡᠳᠦ ᠮᠠᠲ᠋ᠧᠷᠢᠶᠠᠯ ᠪᠤᠯᠤᠭᠰᠠᠨ ᠪᠠᠶᠢᠳᠠᠭ᠃     ᠤᠳᠤᠬᠢ ᠲᠠᠶᠢᠹᠤᠰᠧ ᠬᠤᠰᠢᠭᠤᠨ ᠤ ᠰᠢᠩ ᠹᠦ᠋ ᠰᠢᠶᠠᠩ ᠤᠨ ᠵᠠᠰᠠᠭ ᠤᠨ ᠤᠷᠳᠤᠨ ᠤ ᠪᠠᠶᠢᠭ᠎ᠠ ᠭᠠᠵᠠᠷ ᠢ ᠬᠦᠮᠦᠰ ︽ᠢ᠊ ᠬᠤᠰᠠᠢ ᠶᠢᠨ ᠬᠤᠳᠠ︾ ᠭᠡᠳᠡᠭ᠃ ᠢ᠊ ᠬᠤᠰᠠᠢ ᠭᠡᠳᠡᠭ ᠨᠢ ᠰᠠᠮᠫᠢᠯᠨᠤᠷᠪᠤ ᠠᠮᠪᠠᠨ ᠤ ᠠᠪᠠᠭ᠎ᠠ ᠢᠳᠰᠢᠨᠨᠤᠷᠪᠤ ᠶᠢ ᠬᠡᠯᠡᠵᠦ ᠪᠠᠶᠢᠭ᠎ᠠ ᠶᠤᠮ᠃ ᠲᠡᠳᠡᠨ ᠤ ᠨᠤᠳᠤᠭ ᠢ ᠰᠤᠷᠭᠠᠭᠤᠯᠢ ᠶᠢᠨ ᠲᠠᠷᠢᠶᠠᠨ ᠭᠠᠵᠠᠷ ᠪᠤᠯᠭᠠᠵᠤ᠂ ᠮᠠᠯᠴᠢᠳ ᠲᠤᠳᠤᠭᠰᠢ ᠨᠡᠬᠦᠬᠦ ᠳᠤ ᠠᠶᠢᠯ ᠭᠡᠷ ᠢᠶᠠᠷ ᠢᠶᠠᠨ ᠪᠤᠷᠤᠯᠵᠢ ᠳᠤ ᠨᠡᠬᠦᠵᠦ ᠢᠷᠡᠭᠰᠡᠨ ᠪᠠᠶᠢᠨ᠎ᠠ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号